ᠨᠠᠭᠠᠳᠤᠮ ᠲᠤᠭᠯᠠᠭᠠᠮ — — ᠮᠤᠩᠭᠤᠯ ᠰᠢᠳᠠᠷ᠎ᠠ
ᠨᠡᠶᠢᠲᠡᠯᠡᠭᠰᠡᠨ ᠴᠠᠭ᠄
2024/8/5
   ᠮᠤᠩᠭᠤᠯ ᠰᠢᠳᠠᠷ᠎ᠠ ᠬᠤᠶᠠᠷ ᠬᠦᠮᠦᠨ ᠲᠣᠭᠯᠠᠳᠠᠭ ᠣᠯᠠᠮᠵᠢᠯᠠᠯᠳᠣ ᠬᠦᠯᠭᠡᠳᠦ ᠨᠠᠭᠠᠳᠣᠮ ᠤᠨ ᠨᠢᠭᠡᠨ ᠵᠦᠢᠯ᠃ ᠮᠣᠩᠭᠤᠯ ᠰᠢᠳᠠᠷ᠎ᠠ  ᠨᠢ ᠬᠦᠮᠦᠰ ᠤᠨ ᠣᠬᠠᠭᠠᠨ ᠪᠣᠳᠣᠯᠭ᠎ᠠ ᠶᠢ ᠬᠦᠭᠵᠢᠭᠡᠨ᠂ ᠣᠢ ᠪᠢᠯᠢᠭ ᠢ ᠨᠡᠭᠡᠭᠳᠡᠭᠦᠯᠵᠣ᠂ ᠣᠷᠠᠯᠢᠭ ᠰᠡᠳᠬᠢᠭᠦᠢ ᠶᠢ ᠨᠡᠮᠡᠭᠳᠡᠭᠦᠯᠬᠦ ᠣᠨᠴᠠ ᠶᠢᠨ ᠦᠢᠯᠡᠳᠦᠯ ᠲᠠᠢ ᠲᠣᠭᠯᠠᠭᠠᠮ ᠪᠣᠯᠬᠤᠷ ᠮᠣᠩᠭᠤᠯᠴᠣᠳ ︿︿ᠨᠠᠭᠠᠳᠣᠮ ᠤᠨ ᠲᠡᠭᠡᠳᠦ ᠨᠠᠢᠮᠠᠨ ᠬᠦᠯᠳᠦ ᠰᠢᠳᠠᠷ᠎ᠠ﹀﹀ ᠭᠡᠵᠤ ᠣᠨ ᠣᠳᠠᠭᠠᠨ ᠣᠯᠠᠮᠵᠢᠯᠠᠨ ᠬᠠᠳᠠᠭᠠᠯᠠᠵᠣ ᠣᠷᠣᠯᠳᠣᠨ ᠲᠣᠭᠯᠠᠭᠰᠠᠭᠠᠷ ᠢᠷᠡᠵᠡᠢ᠃ ᠤᠳᠤ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠤᠯᠠᠩᠭᠢ ᠮᠤᠩᠭᠤᠯ ᠰᠤᠷᠭᠠᠭᠤᠯᠢ ᠨᠤᠭᠤᠳ ᠨᠢ ᠬᠤᠶᠠᠳᠤᠭᠠᠷ ᠬᠢᠴᠢᠶᠡᠯᠯᠭᠡ ᠶᠢᠨ ᠴᠠᠭ ᠲᠤ ᠰᠤᠷᠤᠭᠴᠢᠳ ᠲᠤ ᠮᠤᠩᠭᠤᠯ ᠰᠢᠳᠠᠷ᠎ᠠ ᠵᠢᠭᠠᠬᠤ ᠪᠤᠯᠤᠭᠰᠠᠨ ᠪᠠᠶᠢᠨ᠎ᠠ᠃ ᠮᠣᠩᠭᠤᠯ ᠰᠢᠳᠠᠷ᠎ᠠ ᠨᠢ ᠲᠠᠯ᠎ᠠ ᠪᠦᠷᠢ ᠳᠤ 8 ᠬᠦᠦ᠂ 8 ᠪᠣᠳᠠ᠂ ᠨᠡᠶᠢᠳᠡ 16 ᠪᠣᠳᠠ᠂ ᠬᠤᠶᠠᠷ ᠲᠠᠯ᠎ᠠ ᠨᠡᠶᠢᠯᠡᠭᠡᠳ 32 ᠰᠢᠳᠠᠷ᠎ᠠ ᠲᠠᠢ ᠪᠠᠶᠢᠳᠠᠭ᠃ ᠨᠡᠭᠦᠳᠡᠯ ᠤᠨ ᠬᠤᠪᠢ ᠳᠤ ᠮᠣᠩᠭᠤᠯ ᠰᠢᠳᠠᠷ᠎ᠠ ᠨᠢᠭᠡ ᠣᠳᠠᠭ᠎ᠠ ᠨᠢᠭᠡ ᠯᠠ ᠨᠡᠭᠦᠳᠡᠯ ᠨᠡᠭᠦᠵᠣ ᠪᠣᠯᠳᠠᠭ᠃ ᠣᠯᠠᠨ ᠣᠯᠣᠰ ᠤᠨ ᠰᠢᠳᠠᠷ᠎ᠠ ᠰᠢᠭ᠋ ᠨᠣᠶᠠᠨ ᠬᠠᠩᠭᠠᠢ ᠰᠡᠯᠭᠦᠭᠦ ᠲᠠᠪᠬᠤᠷ ᠨᠡᠭᠦᠳᠡᠯ ᠪᠠᠶᠢᠳᠠᠭ ᠦᠭᠡᠢ᠃ ᠲᠣᠬᠠᠶᠢᠯᠠᠪᠠᠯ ᠡᠬᠢᠨ ᠤ ᠨᠡᠭᠦᠳᠡᠯ ᠤᠨ ᠬᠦᠦ ᠶᠢ ᠭᠠᠷᠭᠠᠪᠠᠯ ᠪᠣᠰᠣᠳ ᠬᠦᠦ ᠨᠢ ᠨᠢᠭᠡ ᠨᠡᠭᠦᠳᠡᠯ  ᠳᠤ ᠵᠦᠪᠬᠡᠨ ᠨᠢᠭᠡ ᠯᠠ ᠠᠯᠬᠤᠮ ᠨᠡᠭᠦᠵᠣ ᠪᠣᠯᠳᠠᠭ ᠪᠠ ᠨᠢᠳᠣᠨ ᠳᠡᠭᠡᠨ ᠯᠠ ᠢᠳᠡᠳᠡᠭ᠃ ᠬᠦᠦ ᠲᠦᠷᠢᠵᠣ ᠡᠴᠦᠰ  ᠤᠨ ᠱᠣᠭᠤᠮ ᠳᠤ ᠬᠦᠷᠪᠠᠯ ᠮᠥᠨ ᠭᠠᠭᠴᠠᠬᠠᠨ ᠪᠠᠷᠰᠠ ᠯᠠ ᠪᠣᠯᠵᠣ ᠬᠤᠪᠢᠷᠠᠳᠠᠭ᠃ ᠬᠠᠷᠢᠨ ᠦᠨᠦᠳᠦᠷ ᠤᠨ ᠣᠯᠠᠨ ᠣᠯᠣᠰ ᠤᠨ ᠰᠢᠳᠠᠷ᠎ᠠ ᠰᠢᠭ᠋ ᠬᠦᠦ ᠵᠠᠭᠤᠷᠳᠣ ᠢᠳᠡᠯᠳᠡ ᠪᠡ ᠬᠦᠦ ᠲᠦᠷᠢᠵᠣ ᠡᠴᠦᠰ ᠤᠨ ᠱᠣᠭᠤᠮ ᠳᠤ ᠬᠦᠷᠪᠡᠯ ᠪᠠᠷᠰᠠ᠂ ᠬᠠᠩᠭᠠᠢ᠂ ᠲᠡᠮᠡᠭᠡ᠂ ᠮᠣᠷᠢ ᠵᠡᠷᠭᠡ ᠲᠣᠷ᠎ᠠ ᠶᠢᠨ ᠨᠢᠭᠡᠨ ᠪᠣᠳᠠ ᠬᠤᠪᠢᠷᠠᠵᠣ ᠪᠣᠯᠳᠠᠭ ᠦᠭᠡᠢ᠃ ᠮᠣᠩᠭᠤᠯ ᠰᠢᠳᠠᠷ᠎ᠠ ᠶᠢᠨ ᠬᠦᠯᠭᠡ ᠨᠢ ᠬᠦᠨᠳᠡᠯᠡᠨ ᠶᠢᠰᠦᠨ ᠱᠣᠭᠤᠮ᠂ ᠭᠤᠯᠳᠣ ᠶᠢᠰᠦᠨ ᠱᠣᠭᠤᠮ ᠢᠶᠠᠷ ᠬᠠᠨᠠᠴᠢᠯᠠᠨ ᠪᠦᠳᠦᠭᠰᠡᠨ ᠵᠢᠷᠠᠨ ᠲᠡᠭᠰᠢ ᠲᠦᠷᠪᠡᠯᠵᠢᠨ ᠵᠢᠵᠢᠭ ᠰᠠᠭᠤᠳᠠᠯ ᠲᠠᠢ ᠠᠮᠠᠨ ᠲᠦᠷᠪᠡᠯᠵᠢᠨ ᠬᠦᠯᠭᠡ ᠲᠠᠢ ᠪᠠᠶᠢᠳᠠᠭ᠃ ᠰᠢᠳᠠᠷ᠎ᠠ ᠶᠢᠨ ᠲᠣᠬᠠᠢ ᠬᠤᠯᠪᠣᠭᠳᠠᠯ ᠪᠦᠭᠦᠢ ᠮᠡᠳᠡᠭᠡ ᠪᠠᠷᠢᠮᠳᠠ ᠶᠢ ᠦᠨᠳᠦᠰᠦᠯᠡᠪᠡᠯ 13 ᠳ᠋ᠣᠭᠠᠷ ᠵᠠᠭᠤᠨ ᠤ ᠦᠶ᠎ᠡ ᠳᠤ ᠮᠣᠩᠭᠤᠯ  ᠤᠨ ᠡᠵᠡᠨᠳᠦ ᠣᠯᠣᠰ ᠪᠠᠶᠢᠭᠤᠯᠣᠭᠳᠠᠵᠣ᠂ ᠪᠠᠷᠠᠭᠤᠨ ᠣᠷᠣᠨ ᠤ ᠣᠯᠣᠰ ᠣᠷᠣᠨ ᠲᠠᠢ ᠲᠣᠭᠳᠠᠮᠠᠯ ᠬᠠᠷᠢᠴᠠᠭ᠎ᠠ ᠲᠠᠢ ᠪᠣᠯᠵᠣ᠂ ᠦᠷᠭᠡᠨ ᠲᠡᠯᠭᠡᠷ ᠠᠵᠣ ᠠᠬᠤᠢ ᠰᠣᠶᠣᠯ ᠤᠨ ᠬᠠᠷᠢᠴᠠᠭ᠎ᠠ ᠬᠤᠯᠪᠣᠭ᠎ᠠ ᠡᠭᠦᠰᠬᠦ ᠶᠢ ᠲᠠᠭᠠᠯᠳᠣᠨ ᠰᠢᠳᠠᠷ᠎ᠠ ᠨᠢᠭᠡᠨᠳᠡ ᠮᠣᠩᠭᠤᠯ ᠨᠣᠳᠤᠭ ᠲᠤ ᠲᠦᠭᠡᠮᠡᠯ ᠲᠡᠯᠭᠡᠷᠡᠵᠣ᠂ ᠬᠤᠪᠢᠷᠠᠨ ᠭᠦᠭᠵᠢᠭᠡᠳ ᠦᠨᠳᠦᠰᠦᠳᠡᠨ ᠤ ᠣᠨᠴᠠᠯᠢᠭ ᠪᠦᠭᠦᠢ ᠮᠣᠩᠭᠤᠯ ᠰᠢᠳᠠᠷ᠎ᠠ ᠪᠣᠯᠣᠭᠰᠠᠠ ᠪᠠᠶᠢᠨ᠎ᠠ᠃ ᠴᠢᠩᠬᠢᠰ ᠬᠠᠭᠠᠨ ᠤ ᠴᠡᠷᠢᠭ ᠲᠠᠶᠢᠨ ᠤ ᠠᠵᠢᠯᠯᠠᠭ᠎ᠠ ᠶᠢ ᠲᠠᠭᠠᠯᠳᠣᠨ ᠮᠣᠩᠭᠤᠯ ᠰᠢᠳᠠᠷ᠎ᠠ 13 — 14 ᠳ᠋ᠣᠭᠡᠷ ᠵᠠᠭᠤᠨ ᠤ ᠦᠶ᠎ᠡ ᠳᠤ ᠲᠠᠬᠢᠨ ᠡᠸᠦ᠋ᠷᠦᠫᠠ ᠳᠤ ᠣᠯᠠᠮᠵᠢᠯᠠᠭᠳᠠᠵᠣ ᠦᠨᠦᠳᠦᠷ ᠤᠨ ᠣᠯᠠᠨ ᠣᠯᠣᠰ ᠤᠨ ᠰᠢᠳᠠᠷ᠎ᠠ ᠪᠣᠯᠵᠣ ᠬᠦᠭᠵᠢᠪᠠ᠃ ᠮᠣᠩᠭᠤᠯ ᠰᠢᠳᠠᠷ᠎ᠠ ᠶᠢᠨ ᠪᠦᠳᠦᠴᠠ ᠶᠢ ᠣᠷᠠᠨ ᠰᠡᠶᠢᠯᠪᠦᠷᠢᠳᠦ ᠰᠢᠳᠠᠷ᠎ᠠ᠂ ᠬᠠᠭᠠᠰ ᠣᠷᠠᠨ ᠰᠡᠶᠢᠯᠪᠦᠷᠢᠳᠣ ᠰᠢᠳᠠᠷ᠎ᠠ᠂ ᠡᠩ ᠤᠨ ᠰᠡᠶᠢᠯᠪᠦᠷᠢᠳᠣ ᠰᠢᠳᠠᠷ᠎ᠠ᠂ ᠴᠢᠳᠬᠤᠮᠠᠯ ᠰᠢᠳᠠᠷ᠎ᠠ ᠭᠡᠵᠤ ᠠᠩᠬᠢᠯᠠᠵᠣ ᠪᠠᠶᠢᠳᠠᠭ᠃ ᠡᠳᠡᠭᠡᠷ ᠨᠢ ᠣᠯᠠᠩᠬᠢ ᠳᠠᠭᠠᠨ ᠪᠣᠷᠣ ᠴᠠᠭᠠᠨ ᠽᠠᠨᠳᠠᠨ ᠮᠣᠳᠣ᠂ ᠬᠤᠰᠣ᠂ ᠠᠭᠠᠷᠣ᠂ ᠣᠯᠠᠭᠠᠨ ᠨᠠᠷᠠᠰᠣ᠂ ᠰᠣᠮᠣᠨ ᠮᠣᠳᠣ᠂ ᠭᠦᠢᠯᠡᠰᠦᠨ ᠮᠣᠳᠣᠨ ᠤ ᠦᠨᠳᠦᠰᠦ ᠵᠡᠷᠭᠡ ᠬᠠᠭᠠᠷᠠᠵᠣ ᠣᠰᠬᠤ ᠦᠭᠡᠢ ᠬᠠᠳᠠᠭᠤᠯᠢᠭ ᠰᠠᠶᠢᠨ ᠮᠣᠳᠣ ᠪᠣᠶᠣ ᠦᠭᠡᠷ  ᠤᠨ ᠡᠪᠡᠷ᠂ ᠲᠡᠮᠡᠭᠡᠨ ᠤ ᠶᠠᠰᠣ᠂ ᠮᠠᠯ ᠤᠨ ᠱᠠᠭ᠎ᠠ᠂ ᠲᠤᠶᠢᠭ ᠵᠡᠷᠭᠡ ᠶᠠᠰᠣ ᠪᠠᠷ ᠣᠷᠠᠯᠠᠨ ᠰᠡᠶᠢᠯᠳᠡᠭ᠃ ᠡᠭᠦᠨ ᠠᠴᠠ ᠭᠠᠳᠠᠨ᠎ᠠ ᠪᠠᠰᠠ ᠲᠡᠨᠢᠭᠡᠷ᠂ ᠬᠠᠰ᠂ ᠵᠠᠭᠠᠨ ᠤ ᠰᠣᠶᠤᠭ᠎ᠠ ᠪᠠᠷ ᠰᠡᠶᠢᠯᠦᠭᠰᠡᠨ ᠪᠣᠶᠣ ᠭᠠᠣᠯᠢ᠂ ᠵᠡᠰ᠂ ᠮᠦᠩᠬᠦ ᠵᠡᠷᠭᠡ ᠲᠡᠮᠦᠷᠯᠢᠭ ᠵᠦᠢᠯ ᠢᠶᠠᠷ ᠴᠢᠳᠬᠤᠵᠣ ᠣᠷᠠᠯᠠᠭᠰᠠᠨ ᠰᠢᠳᠠᠷ᠎ᠠ ᠴᠦ ᠪᠠᠶᠢᠳᠠᠭ᠃ ᠮᠣᠩᠭᠤᠯ ᠰᠢᠳᠠᠷ᠎ᠠ ᠨᠢ ᠬᠦᠮᠦᠰ ᠤᠨ ᠰᠡᠳᠬᠢᠭᠦᠢ ᠪᠣᠳᠣᠯᠭ᠎ᠠ ᠶᠢ ᠬᠦᠭᠵᠢᠭᠡᠵᠣ᠂ ᠰᠦᠰᠦ ᠵᠣᠷᠢᠭ ᠢ ᠲᠠᠶᠢᠴᠢᠯᠠᠨ ᠲᠠᠪᠳᠠᠬᠤ ᠬᠦᠨᠳᠦ ᠴᠢᠬᠤᠯᠠ ᠦᠢᠯᠡᠳᠦᠯ  ᠲᠠᠢ ᠪᠠᠷ ᠦᠯᠦ ᠪᠠᠷᠠᠨ ᠨᠢᠭᠡᠨ ᠶᠣᠰᠣᠨ ᠤ ᠮᠣᠩᠭᠤᠯᠴᠣᠳ ᠤᠨ ᠭᠠᠷ ᠣᠷᠠᠯᠠᠯ ᠤᠨ ᠮᠡᠷᠭᠡᠵᠢᠯ ᠢ ᠰᠣᠳᠣᠯᠵᠣ ᠭᠤᠸ᠎ᠠ ᠰᠠᠶᠢᠬᠠᠨ ᠢ ᠪᠠᠭ᠋ᠠᠷᠬᠠᠨ ᠰᠣᠨᠢᠷᠬᠠᠬᠤ ᠭᠠᠶᠢᠬᠠᠮᠰᠢᠭᠳᠣ ᠣᠷᠠᠨ ᠪᠦᠳᠦᠭᠡᠯ ᠪᠣᠯᠬᠤ ᠶᠤᠮ᠃ ᠣᠷᠠᠨ ᠰᠡᠶᠢᠯᠪᠦᠷᠢᠳᠦ ᠰᠢᠳᠠᠷ᠎ᠠ ᠪᠣᠯ ᠰᠢᠷ ᠪᠣᠳᠤᠭ ᠰᠠᠭᠤᠯᠭᠠᠨ ᠦᠩᠭᠡ ᠦᠵᠡᠮᠵᠢ ᠶᠢ ᠨᠢ ᠢᠯᠭᠠᠭᠰᠠᠨ ᠰᠢᠨᠵᠢ ᠮᠠᠶ᠋ᠢᠭ ᠢ ᠨᠢ ᠪᠦᠷᠢᠯᠳᠦᠭᠦᠯᠦᠭᠰᠡᠨ ᠠᠮᠢᠳᠣ ᠲᠦᠷᠰᠦᠯᠢᠭ ᠣᠷᠠᠯᠠᠨ ᠰᠡᠶᠢᠯᠦᠭᠰᠡᠨ ᠰᠢᠳᠠᠷ᠎ᠠ ᠪᠣᠯᠣᠨ᠎ᠠ᠃ ᠡᠨᠡ ᠬᠦ ᠣᠷᠠᠨ ᠰᠡᠶᠢᠯᠪᠦᠷᠢᠳᠦ ᠰᠢᠳᠠᠷ᠎ᠠ ᠶᠢᠨ ᠬᠤᠶᠠᠷ ᠡᠳᠡᠭᠡᠳ ᠢ ᠦᠩᠭᠡ ᠪᠣᠳᠤᠭ ᠢᠶᠠᠷ ᠪᠣᠳᠣᠭᠰᠠᠨ ᠠᠴᠠ ᠭᠠᠳᠠᠨ᠎ᠠ ᠨᠢᠭᠡ ᠲᠠᠯ᠎ᠠ  ᠶᠢᠨ ᠨᠣᠶᠠᠨ ᠨᠢ ᠮᠣᠷᠢ ᠣᠨᠣᠭᠰᠠᠨ ᠪᠣᠯ ᠨᠦᠭᠦᠭᠡ ᠲᠠᠯ᠎ᠠ ᠶᠢᠨ ᠨᠣᠶᠠᠨ ᠨᠢ ᠰᠢᠷᠡᠭᠡᠨ ᠳᠤ ᠰᠠᠭᠠᠳᠣᠭᠰᠠᠨ︔ ᠨᠢᠭᠡ ᠲᠠᠯ᠎ᠠ ᠶᠢᠨ ᠪᠠᠷᠰᠠ ᠨᠢ ᠪᠠᠷᠰ ᠪᠣᠯ ᠨᠦᠭᠦᠭᠡ ᠨᠢ ᠠᠷᠰᠯᠠᠨ᠃ ᠨᠢᠭᠡ ᠲᠠᠯ᠎ᠠ ᠶᠢᠨ ᠲᠡᠮᠡᠭᠡ ᠨᠢ ᠪᠣᠣᠷ᠎ᠠ ᠣᠷᠣᠭᠰᠠᠨ ᠲᠡᠮᠡᠭᠡ ᠪᠣᠯ ᠨᠦᠭᠦᠭᠡ ᠨᠢ ᠪᠣᠳᠣᠭᠤ ᠲᠠᠢ ᠢᠩᠭᠡ ᠪᠣᠶᠣ ᠠᠳᠠ᠃ ᠮᠣᠷᠢ ᠨᠢ ᠨᠢᠭᠡ ᠲᠠᠯ᠎ᠠ ᠨᠢ ᠣᠨᠠᠭ᠎ᠠ ᠲᠠᠢ ᠭᠡᠭᠦᠦ ᠪᠣᠯ ᠨᠦᠭᠦᠭᠡ ᠲᠠᠯ᠎ᠠ ᠨᠢ ᠠᠵᠢᠷᠭ᠎ᠠ︔ ᠲᠡᠷᠭᠡᠨ ᠤ ᠨᠢᠭᠡ ᠲᠠᠯ᠎ᠠ ᠨᠢ ᠲᠡᠮᠡᠭᠡ ᠬᠦᠯᠦᠭᠰᠡᠨ ᠪᠣᠯ ᠨᠦᠭᠦᠭᠡ ᠲᠠᠯ᠎ᠠ ᠨᠢ ᠮᠣᠷᠢ ᠬᠦᠯᠦᠭᠰᠡᠨ︔ ᠬᠦᠦ ᠨᠢ ᠠᠷᠰᠯᠠᠨ ᠪᠣᠶᠣ ᠪᠠᠮᠪᠠᠷ ᠬᠡᠭᠦ ᠮᠡᠳᠦ ᠪᠠᠷ ᠢᠯᠭᠠᠪᠣᠷᠢᠯᠠᠨ ᠰᠡᠶᠢᠯᠦᠭᠰᠡᠨ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号