ᠮᠤᠩᠭᠤᠯ ᠭᠤᠳᠤᠯ
ᠨᠡᠶᠢᠲᠡᠯᠡᠭᠰᠡᠨ ᠴᠠᠭ᠄
2024/8/5
    ᠭᠤᠳᠤᠯ ᠪᠤᠯ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠤᠨ ᠤᠯᠠᠮᠵᠢᠯᠠᠯᠳᠤ ᠬᠤᠪᠴᠠᠰᠤ ᠵᠠᠰᠠᠯ ᠤᠨ ᠴᠢᠬᠤᠯᠠ ᠨᠢᠬᠡᠨ ᠵᠦᠢᠯ ᠪᠤᠯᠤᠨ᠎ᠠ᠃ ᠭᠤᠳᠤᠯ ᠢᠶᠠᠨ ᠲᠦᠷᠦ ᠳᠤ ᠡᠮᠤᠰᠪᠡᠯ ᠵᠠᠰᠠᠯ᠂ ᠲᠦᠯᠡᠭᠡᠨ ᠳᠤ ᠡᠮᠤᠰᠪᠡᠯ ᠪᠠᠬᠢ ᠪᠠᠶᠢᠳᠠᠭ ᠠᠴᠠ ᠵᠢᠯ ᠤᠨ ᠲᠦᠷᠪᠡᠨ ᠤᠯᠠᠷᠢᠯ ᠳᠤ ᠪᠦᠷ ᠡᠮᠦᠰᠳᠡᠭ᠃ ᠬᠤᠶᠢᠳᠤ ᠬᠤᠰᠢᠭᠤᠨ ᠤ ᠮᠤᠩᠭᠤᠯᠴᠤᠳ ᠭᠤᠳᠤᠯ ᠢᠶᠠᠨ ᠮᠠᠰᠢ ᠡᠷᠬᠢᠮᠯᠡᠨ ᠦᠵᠡᠳᠡᠭ ᠠᠴᠠ ᠵᠠᠯᠠᠭᠤᠴᠤᠳ ᠤᠷᠤᠭ ᠲᠤᠭᠳᠠᠭᠠᠳ ᠬᠠᠳᠠᠮ ᠤᠨ ᠭᠠᠵᠠᠷ ᠲᠤ ᠪᠠᠨ ᠲᠦᠷᠦᠬᠦᠦ ᠤᠳᠠᠭ᠎ᠠ ᠤᠴᠢᠬᠤ ᠳᠤ ᠬᠡᠤᠬᠡᠨ ᠤ ᠲᠠᠯ᠎ᠠ ᠶᠢᠨ ᠬᠢᠨ ᠵᠠᠪᠠᠯ ᠭᠤᠷᠪᠠᠨ ᠬᠠᠪᠴᠢᠶᠠᠷᠢ ᠲᠠᠢ ᠭᠤᠳᠤᠯ ᠢ ᠡᠮᠦᠰᠭᠡᠳᠡᠭ ᠵᠠᠩᠰᠢᠯ ᠲᠠᠢ᠃ ᠮᠤᠩᠭᠤᠯ ᠭᠤᠳᠤᠯ ᠢ ᠪᠦᠳᠦᠭᠡᠭᠳᠡᠬᠦᠨ ᠤ ᠬᠢᠨᠢ ᠲᠠᠯ᠎ᠠ ᠠᠴᠠ ᠦᠵᠡᠪᠡᠯ ᠪᠦᠰ ᠭᠤᠳᠤᠯ᠂ ᠠᠷᠠᠰᠤᠨ ᠭᠤᠳᠤᠯ᠂ ᠢᠰᠡᠬᠡᠢ ᠭᠤᠳᠤᠯ ᠭᠡᠵᠤ ᠬᠤᠪᠢᠶᠠᠳᠠᠭ᠃ ᠬᠡᠯᠪᠡᠷᠢ ᠶᠢᠨ ᠲᠠᠯ᠎ᠠ ᠠᠴᠠ ᠨᠢ ᠭᠤᠷᠪᠠᠨ ᠬᠠᠪᠴᠢᠶᠠᠷᠢ ᠲᠠᠢ ᠭᠤᠳᠤᠯ᠂ ᠬᠤᠶᠠᠷ ᠬᠠᠮᠠᠷ ᠲᠠᠢ ᠭᠤᠳᠤᠯ᠂ ᠤᠭᠤᠰᠤᠷᠳᠤ ᠭᠤᠳᠤᠯ ︵ᠤᠤᠯᠠ︶ ᠦᠬᠡᠳᠡᠭ ᠭᠤᠳᠤᠯ᠂ ᠤᠶᠤᠮᠠᠯ ᠭᠤᠳᠤᠯ᠂ ᠬᠠᠳᠬᠤᠮᠠᠯ ᠭᠤᠳᠤᠯ᠂ ᠦᠡᠳᠦᠷ ᠲᠦᠷᠡᠢ ᠲᠠᠢ ᠭᠤᠳᠤᠯ᠂ ᠤᠭᠳᠤᠷ ᠲᠦᠷᠡᠢ ᠲᠠᠢ ᠭᠤᠳᠤᠯ ᠭᠡᠵᠤ ᠤᠯᠠᠨ ᠶᠠᠩᠵᠤ  ᠪᠠᠷ ᠬᠤᠪᠢᠶᠠᠳᠠᠭ᠃ ᠮᠤᠩᠭᠤᠯ ᠭᠤᠳᠤᠯ ᠢ ᠪᠦᠳᠦᠴᠡ ᠶᠢᠨ ᠲᠠᠯ᠎ᠠ ᠪᠠᠷ ᠭᠤᠳᠤᠯ ᠤᠨ ᠲᠦᠷᠡᠢ᠂ ᠵᠤᠯᠤᠭ᠂ ᠤᠯᠠ᠂ ᠬᠠᠪᠴᠢᠶᠠᠷᠢ᠂ ᠪᠤᠷᠪᠢ᠂ ᠬᠤᠩᠰᠢᠶᠠᠷ ᠭᠡᠵᠤ ᠬᠤᠪᠢᠶᠠᠳᠠᠭ᠃ ᠪᠦᠰ ᠭᠤᠳᠤᠯ ᠬᠢᠬᠦ ᠶᠠᠪᠤᠴᠠ ᠪᠦᠰ ᠢ ᠤᠯᠠᠨ ᠲᠠᠪᠬᠤᠷ ᠨᠠᠭᠠᠵᠤ ᠬᠠᠳᠠᠭᠠᠭᠠᠳ ᠴᠠᠪᠤᠭ ᠪᠤᠯᠭᠠᠨ᠎ᠠ᠃ ᠲᠠᠬᠢᠨ ᠬᠠᠳᠠᠭᠰᠠᠨ ᠴᠠᠪᠤᠭ ᠢᠶᠠᠨ ᠬᠠᠶᠢᠴᠢᠯᠠᠨ ᠠᠪᠴᠤ᠂ ᠬᠦᠪᠡᠭᠡ ᠢᠷᠮᠡᠭ ᠢ ᠨᠢ ᠴᠠᠭᠠᠨ ᠪᠦᠰ ᠢᠶᠠᠷ ᠴᠢᠮᠡᠵᠦ ᠪᠠᠬᠢᠯᠡᠭᠡᠳ ᠤᠯᠤᠰᠤᠨ ᠤᠳᠠᠰᠤ ᠪᠠᠷ ᠰᠢᠷᠡᠵᠦ ᠭᠤᠳᠤᠯ ᠤᠨ ᠤᠯᠠ ᠵᠤᠬᠢᠶᠠᠨ᠎ᠠ᠃ ᠬᠠᠳᠠᠭᠰᠠᠨ ᠴᠠᠪᠤᠭ ᠢᠶᠠᠨ ᠬᠠᠷ᠎ᠠ ᠦᠩᠭᠡ ᠶᠢᠨ ᠰᠢᠨ᠎ᠡ ᠪᠦᠰ ᠢᠶᠠᠷ ᠭᠠᠳᠠᠷᠯᠠᠵᠤ᠂ ᠴᠠᠭᠠᠨ ᠦᠩᠭᠡ ᠶᠢᠨ ᠰᠢᠨ᠎ᠡ ᠪᠦᠰ ᠢᠶᠠᠷ ᠲᠤᠳᠤᠷᠯᠠᠵᠤ ᠵᠤᠯᠤᠭ ᠪᠤᠯᠭᠠᠨ ᠬᠠᠷ᠎ᠠ ᠤᠳᠠᠰᠤ ᠪᠠᠷ ᠱᠠᠭᠯᠠᠵᠤ᠂ ᠪᠤᠷᠪᠢ ᠪᠠ ᠬᠤᠩᠰᠢᠶᠠᠷ ᠲᠤ ᠨᠢ ᠨᠢᠭᠲᠠ ᠤᠶᠤᠨ᠎ᠠ᠃ ᠲᠦᠷᠡᠢ ᠶᠢ ᠮᠥᠨ ᠴᠠᠪᠤᠭ ᠢᠶᠠᠷ ᠵᠤᠯᠤᠭ ᠰᠢᠭ᠋ ᠨᠠᠭᠠᠵᠤ ᠵᠤᠬᠢᠶᠠᠭᠠᠳ ᠲᠡᠭᠡᠷ᠎ᠡ ᠨᠢ ᠲᠠᠮᠠᠭ᠎ᠠ ᠪᠤᠶᠤ ᠬᠡ ᠤᠭᠠᠯᠵᠠ ᠤᠶᠤᠨ᠎ᠠ᠃ ᠵᠤᠯᠤᠭ ᠰᠢᠭ᠋ ᠨᠢᠭᠲᠠ ᠤᠶᠤᠬᠤ ᠦᠬᠡᠢ᠃ ᠤᠴᠢᠷ ᠨᠢ ᠭᠤᠳᠤᠯ ᠤᠨ ᠲᠦᠷᠡᠢ ᠪᠤᠯ ᠵᠤᠯᠤᠭ ᠰᠢᠭ᠋ ᠬᠠᠳᠠᠭᠤ ᠶᠠᠭᠤᠮ᠎ᠠ ᠲᠠᠢ ᠰᠢᠭᠤᠳ ᠬᠦᠷᠦᠯᠴᠡᠬᠦ ᠨᠢ ᠪᠠᠭ᠎ᠠ ᠪᠠᠶᠢᠳᠠᠭ᠃ ᠵᠠᠷᠢᠮ ᠨᠢ ᠪᠤᠷᠪᠢ ᠪᠤᠶᠤ ᠬᠤᠩᠰᠢᠶᠠᠷ ᠲᠡᠭᠡᠷ᠎ᠡ ᠨᠢ ᠬᠡ ᠤᠭᠠᠯᠵᠠ ᠤᠶᠤᠴᠢᠬᠠᠳᠠᠭ᠃ ᠡᠨᠡ ᠨᠢ ᠦᠵᠡᠨᠦᠷᠢ ᠲᠠᠢ ᠪᠤᠯᠪᠠᠴᠤ ᠪᠠᠬᠢ ᠪᠢᠰᠢ ᠪᠠᠶᠢᠳᠠᠭ᠃ ᠡᠶᠢᠮᠤ ᠭᠤᠳᠤᠯ ᠢ ᠭᠤᠤᠯᠳᠠᠭᠤ ᠬᠦᠷᠬᠡᠨ ᠬᠦᠮᠦᠨ ᠳᠤ ᠡᠮᠦᠰᠭᠡᠬᠦ ᠵᠠᠰᠠᠯ ᠤᠨ ᠭᠤᠳᠤᠯ ᠳᠤ ᠬᠡᠷᠡᠭᠯᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号