ᠮᠤᠩᠭᠤᠯ ᠬᠤᠪᠴᠠᠰᠤ ᠵᠠᠰᠠᠯ — ᠡᠷᠡᠭᠳᠡᠶᠢᠴᠣᠳ ᠤᠨ ᠡᠮᠦᠰᠭᠡᠯ ᠵᠠᠰᠠᠯ
ᠨᠡᠶᠢᠲᠡᠯᠡᠭᠰᠡᠨ ᠴᠠᠭ᠄
2024/8/5
    ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠤᠨ ᠬᠤᠪᠴᠠᠰᠣ ᠵᠠᠰᠠᠯ ᠤᠨ ᠬᠡᠯᠪᠡᠷᠢ ᠮᠠᠶ᠋ᠢᠭ ᠨᠢ ᠴᠢᠩ ᠣᠯᠣᠰ ᠤᠨ ᠦᠶ᠎ᠡ ᠳᠤ ᠬᠦᠷᠴᠦ ᠢᠷᠡᠭᠡᠳ ᠮᠠᠨᠵᠣ ᠦᠨᠳᠦᠰᠦᠳᠡᠨ ᠤ ᠬᠤᠪᠴᠠᠰᠣ ᠵᠠᠰᠠᠯ ᠢ ᠶᠡᠭᠡ ᠯᠠ ᠲᠠᠭᠤᠷᠢᠶᠠᠪᠠ᠃ ᠲᠣᠬᠠᠢ ᠶᠢᠨ ᠦᠶ᠎ᠡ ᠠᠴᠠ ᠮᠣᠩᠭᠤᠯ ᠬᠦᠮᠦᠨ ᠤ ᠬᠤᠪᠴᠠᠰᠣ ᠲᠡᠪᠡᠯ ᠢ ᠲᠦᠷᠦ ᠶᠢᠨ ᠬᠤᠪᠴᠠᠰᠣ ᠪᠠ ᠶᠡᠷᠦ ᠶᠢᠨ ᠬᠤᠪᠴᠠᠰᠣ ᠭᠡᠵᠤ ᠢᠯᠭᠠᠳᠠᠭ᠃ ᠸᠠᠩ ᠭᠦᠩ ᠠᠴᠠ ᠲᠣᠷᠣᠭᠰᠢᠬᠢ ᠬᠡᠷᠡᠬᠡᠮᠳᠡᠨ᠂ ᠲᠦᠰᠢᠮᠡᠳ ᠴᠦᠮ ᠴᠢᠩ ᠣᠯᠣᠰ ᠠᠴᠠ ᠲᠣᠭᠳᠠᠭᠠᠭᠰᠨᠨ ᠵᠡᠷᠭᠡ ᠲᠡᠰ ᠤᠨ ᠢᠯᠭᠠᠭ᠎ᠠ ᠪᠠᠷ ᠬᠠᠳᠬᠤᠮᠠᠯ ᠲᠠᠢ ᠬᠤᠪᠴᠠᠰᠣ ᠡᠮᠦᠰᠳᠡᠭ᠃ ᠦᠷᠭᠡᠨ ᠣᠯᠠᠨ ᠮᠣᠩᠭᠤᠯᠴᠣᠳ ᠴᠢᠩ ᠣᠯᠣᠰ ᠲᠤ ᠴᠡᠷᠢᠭ ᠤᠨ ᠠᠯᠪᠠ ᠬᠠᠰᠢᠬᠤ ᠡᠭᠦᠷᠭᠡ ᠲᠠᠢ ᠪᠦᠭᠡᠳ ᠴᠡᠷᠢᠭ ᠤᠨ ᠬᠤᠪᠴᠠᠰᠣ ᠪᠠᠨ ᠴᠦ ᠦᠪᠡᠷᠳᠡᠭᠡᠨ ᠪᠡᠯᠡᠳᠭᠡᠳᠡᠭ᠃ ᠲᠡᠳᠡᠨ ᠤ ᠡᠩ ᠤᠨ ᠬᠤᠪᠴᠠᠰᠣ ᠨᠢ ᠮᠥᠨ ᠮᠣᠩᠭᠤᠯ ᠬᠤᠪᠴᠠᠰᠣ ᠪᠠᠶᠢᠪᠠ᠃ ᠡᠩ ᠤᠨ ᠮᠣᠩᠭᠤᠯᠴᠣᠳ ᠮᠥᠨ ᠮᠣᠩᠭᠤᠯ ᠲᠡᠪᠡᠯ ᠲᠡᠷᠯᠢᠭ  ᠢᠶᠠᠨ ᠡᠮᠦᠰᠳᠡᠭ ᠪᠣᠯᠪᠠᠴᠣ ᠲᠣᠳᠣᠷ ᠬᠤᠪᠴᠠᠰᠣ ᠶᠢᠨ ᠶᠠᠩᠵᠣ ᠬᠡᠯᠪᠡᠷᠢ ᠨᠢ ᠮᠠᠨᠵᠣ ᠦᠨᠳᠦᠰᠦᠳᠡᠨ ᠪᠠ ᠬᠢᠳᠠᠳ ᠦᠨᠳᠦᠰᠦᠳᠡᠨ ᠤ ᠮᠠᠶ᠋ᠢᠭ ᠤᠨ ᠪᠣᠯᠵᠣ ᠬᠤᠪᠢᠷᠠᠪᠠ᠃ ᠡᠷᠡᠭᠳᠡᠶᠢᠴᠣᠳ ᠤᠨ ᠮᠣᠩᠭᠤᠯ ᠲᠡᠪᠡᠯ ᠨᠢ ᠠᠭᠤᠵᠢᠮ ᠮᠦᠷᠳᠡᠭᠡᠨ ᠣᠨᠣᠭᠤ ᠦᠭᠡᠢ᠂ ᠬᠠᠨᠴᠣᠢ ᠣᠷᠳᠣ᠂ ᠵᠠᠬ᠎ᠠ  ᠨᠢ ᠦᠨᠳᠦᠷ᠂ ᠪᠦᠰᠡ ᠪᠦᠰᠡᠯᠡᠪᠡᠯ ᠰᠠᠯᠬᠢᠨ ᠪᠠ ᠬᠦᠢᠳᠡᠨ ᠢ ᠬᠠᠯᠠᠭᠯᠠᠵᠣ ᠡᠪᠦᠯ ᠤᠨ ᠴᠠᠭ ᠲᠤ ᠮᠠᠯ ᠬᠠᠷᠢᠭᠤᠯᠬᠤ᠂ ᠮᠣᠷᠢ ᠣᠨᠣᠬᠤ ᠳᠤ ᠡᠪᠦᠳᠦᠭ ᠲᠠᠷᠣᠵᠣ ᠲᠣᠯᠠᠭᠠᠯᠠᠳᠠᠭ᠃ ᠵᠣᠨ ᠤ ᠴᠠᠭ ᠲᠤ ᠪᠠᠳᠠᠭᠠᠨ᠎ᠠ ᠪᠠ ᠬᠠᠯᠠᠭᠤᠨ ᠨᠠᠷᠠ ᠶᠢ ᠬᠠᠯᠠᠭᠯᠠᠵᠣ᠂ ᠴᠢᠨᠠᠭᠰᠢᠯᠠᠨ ᠡᠳᠦᠷ ᠲᠤ ᠪᠠᠨ ᠡᠮᠦᠰᠴᠦ ᠰᠦᠨᠢ ᠳᠤ ᠪᠠᠨ ᠨᠦᠮᠦᠷᠴᠦ ᠪᠣᠯᠳᠠᠭ᠃ ᠮᠣᠩᠭᠤᠯ ᠬᠤᠪᠴᠠᠰᠣ ᠶᠢ ᠬᠢᠬᠦ ᠳᠤ᠂ ᠭᠡᠷ ᠤᠨ ᠴᠢᠨᠡᠭᠡᠯᠢᠭ ᠬᠡᠮᠵᠢᠶ᠎ᠡ ᠪᠣᠶᠣ ᠣᠯᠠᠷᠢᠯ ᠢ ᠢᠯᠭᠠᠵᠣ᠂ ᠲᠣᠷᠭ᠎ᠠ ᠲᠣᠷᠳᠣᠩ᠂ ᠴᠢᠰᠴᠣ ᠮᠠᠶᠢᠨᠴᠣ ᠪᠣᠯᠣᠨ ᠪᠦᠰ ᠤᠨ ᠪᠠᠷᠠᠭ᠎ᠠ ᠪᠠᠷ ᠬᠢᠳᠡᠭ᠃ ᠡᠪᠦᠯ ᠳᠤ ᠪᠠᠨ ᠲᠣᠳᠣᠷ᠎ᠠ ᠬᠠᠨᠳᠠᠭᠠᠰᠣ᠂ ᠬᠤᠨᠢᠨ ᠠᠷᠠᠰᠣᠨ ᠲᠡᠪᠡᠯ᠂ ᠣᠣᠵᠢ ᠡᠮᠦᠰᠦᠨ᠎ᠡ᠃ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠮᠠᠯᠠᠭᠠᠢ ᠶᠢ ᠲᠣᠩ ᠬᠦᠨᠳᠦᠳᠭᠡᠳᠡᠭ᠃ ᠶᠠᠮᠠᠷᠴᠦ ᠶᠣᠰᠣᠯᠠᠯ ᠨᠠᠶᠢᠷ ᠨᠠᠭᠠᠳᠣᠮ ᠳᠤ ᠴᠦᠮ ᠮᠠᠯᠠᠭᠠᠢ ᠵᠡᠭᠦᠳᠡᠭ᠃ ︵ᠪᠦᠸᠧ ᠸᠠᠩ ᠬᠤᠰᠢᠭᠤᠨ ᠤ ᠮᠣᠩᠭᠤᠯᠴᠣᠳ ᠮᠠᠯᠠᠭᠠᠢ ᠵᠡᠭᠦᠭᠦ ᠶᠢ ᠴᠦᠮ ᠮᠠᠯᠠᠭᠠᠢ ᠡᠮᠦᠰᠬᠦ ᠭᠡᠳᠡᠭ︶ ᠡᠶᠢᠮᠦ ᠦᠶᠡᠰ ᠶᠡᠷᠦ ᠠᠴᠠ ᠮᠠᠯᠠᠭᠠᠢ ᠦᠭᠡᠢ ᠨᠢᠴᠦᠭᠦᠨ ᠲᠣᠯᠣᠭᠠᠢ ᠪᠠᠷ ᠶᠠᠪᠣᠬᠤ ᠦᠭᠡᠢ᠃ ᠮᠠᠯᠠᠭᠠᠢ ᠶᠢ ᠬᠠᠪᠣᠷ ᠨᠠᠮᠣᠷ ᠬᠠᠷ᠎ᠠ ᠬᠤᠷᠠᠭᠠᠨ ᠠᠷᠠᠰᠣ᠂ ᠬᠢᠯᠢᠩ ᠬᠠᠷ᠎ᠠ ᠦᠭᠡᠳᠡᠩ ᠬᠠᠳᠠᠭᠰᠠᠨ ᠲᠦᠭᠦᠷᠢᠭᠡᠨ ᠮᠠᠯᠠᠭᠠᠢ᠂ ᠶᠣᠰᠣᠯᠠᠯ ᠤᠨ ᠮᠠᠯᠠᠭᠠᠢ᠂ ᠵᠣᠨ ᠳᠤ ᠪᠠᠨ ᠶᠠᠩᠵᠣ ᠪᠦᠷᠢ  ᠶᠢᠨ ᠰᠡᠭᠦᠪᠴᠢᠳᠣ ᠰᠠᠷᠠᠪᠴᠢᠳᠠᠢ ᠪᠦᠰ ᠮᠠᠯᠠᠭᠠᠢ ᠪᠣᠶᠣ ᠰᠡᠷᠢᠭᠦᠨ ᠡᠪᠡᠰᠦᠨ ᠮᠠᠯᠠᠭᠠᠢ᠂ ᠡᠪᠦᠯ ᠳᠤ ᠪᠠᠨ ᠲᠦᠷᠪᠡᠨ ᠴᠢᠬᠢᠳᠡᠢ ᠦᠨᠡᠭᠡᠨ ᠮᠠᠯᠠᠭᠠᠢ᠂ ᠭᠤᠵᠣᠭᠤᠷ ᠲᠣᠬᠤ ᠲᠠᠢ ᠡᠯᠪᠡᠩᠬᠦ ᠶᠢᠨ ᠦᠰᠦᠳᠡᠢ ᠮᠠᠯᠠᠭᠠᠢ᠂ ᠢᠰᠡᠭᠡᠢ ᠲᠣᠭᠤᠷᠴᠤᠭ ᠵᠡᠷᠭᠡ ᠪᠠᠷ ᠰᠣᠯᠢᠵᠣ ᠬᠢᠵᠣ ᠡᠮᠦᠰᠳᠡᠭ᠃ ᠡᠮᠦᠰᠦᠭᠰᠡᠨ ᠮᠠᠯᠠᠭᠠᠢ ᠪᠠᠨ ᠬᠠ ᠶᠠ ᠦᠭᠡᠢ ᠬᠠᠶᠠᠬᠤ ᠦᠭᠡᠢ ᠲᠡᠭᠡᠷ᠎ᠡ  ᠪᠠᠨ ︿︿ᠬᠤᠶᠠᠷ ᠬᠦᠮᠦᠨ ᠶᠠᠪᠣᠪᠠᠯ ᠨᠢᠭᠡ ᠨᠢ ᠠᠬ᠎ᠠ᠂ ᠨᠢᠭᠡ ᠬᠦᠮᠦᠨ ᠶᠠᠪᠣᠪᠠᠯ ᠮᠠᠯᠠᠭᠠᠢ ᠨᠢ ᠠᠬ᠎ᠠ﹀﹀ ᠭᠡᠵᠤ ᠬᠦᠨᠳᠦᠯᠡᠨ᠂ ᠲᠠᠶᠢᠯᠵᠣ ᠠᠪᠣᠮᠠᠭᠴᠠ ᠪᠠᠨ ᠬᠠᠨ᠎ᠠ ᠳᠤ ᠡᠯᠭᠦᠨ᠂ ᠰᠣᠯᠢᠭᠰᠠᠨ ᠢᠶᠠᠨ ᠲᠡᠭᠡᠷ᠎ᠡ ᠬᠤᠷᠢᠶᠠᠳᠠᠭ᠃ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠣᠩᠭᠤᠯᠴᠣᠳ ᠤᠨ ᠲᠡᠪᠡᠯ ᠳᠤ ᠰᠡᠩᠰᠡ ᠲᠡᠪᠡᠯ᠂ ᠬᠤᠷᠠᠭᠠᠨ ᠲᠡᠪᠡᠯ᠂ ᠬᠤᠳᠠᠨ ᠲᠡᠪᠡᠯ᠂ ᠢᠯᠬᠢᠨ ᠲᠡᠪᠡᠯ᠂ ᠬᠦᠪᠦᠩᠳᠡᠢ ᠲᠡᠪᠡᠯ ᠵᠡᠷᠭᠡ ᠪᠠᠶᠢᠳᠠᠭ᠃ ᠲᠡᠷᠯᠢᠭ ᠲᠤ ᠬᠤᠶᠠᠷ ᠵᠦᠢᠯ ᠪᠠᠶᠢᠳᠠᠭ᠃ ᠲᠠᠷᠣᠢ ᠲᠠᠩ ᠪᠦᠰ᠂ ᠲᠣᠷᠭ᠎ᠠ ᠪᠠᠷ ᠬᠢᠭᠰᠡᠨ᠂ ᠨᠦᠭᠦᠭᠡ ᠨᠢ ᠬᠦᠪᠦᠩ ᠲᠠᠢ ᠭᠢᠭᠰᠡᠨ ᠭᠡᠵᠤ ᠢᠯᠭᠠᠨ᠎ᠠ᠃ ᠪᠦᠸᠧ ᠸᠠᠩ ᠬᠤᠰᠢᠭᠤᠨ ᠤ ᠮᠣᠩᠭᠤᠯᠴᠣᠳ ᠶᠡᠷᠦ ᠠᠴᠠ ᠲᠡᠷᠯᠢᠭ ᠭᠡᠵᠤ ᠬᠡᠯᠡᠳᠡᠭ ᠦᠭᠡᠢ᠂ ᠲᠠᠩ ᠴᠠᠮᠴᠠ ᠭᠡᠵᠤ᠂ ᠬᠦᠪᠦᠩᠳᠡᠢ ᠶᠢ ᠨᠢ ᠣᠭᠴᠣᠷ ᠭᠡᠳᠡᠭ᠃ ᠡᠷᠡᠭᠳᠡᠶᠢᠴᠣᠳ ᠵᠣᠨ ᠤ ᠬᠠᠯᠠᠭᠤᠨ ᠳᠤ ᠬᠦᠭᠡ᠂ ᠴᠠᠭᠠᠨ ᠲᠠᠩ ᠴᠠᠮᠴᠠ ᠡᠮᠦᠰᠳᠡᠭ᠃ ᠬᠠᠶᠠ ᠡᠪᠦᠯ ᠤᠨ ᠣᠯᠠᠷᠢᠯ ᠳᠤ ᠠᠷᠠᠰᠣᠨ ᠲᠡᠪᠡᠯ ᠤᠨ ᠢᠶᠠᠨ ᠲᠣᠳᠣᠷ ᠴᠠᠮᠴᠠ  ᠪᠠᠨ ᠡᠮᠦᠰᠳᠡᠭ᠃ ᠪᠦᠰᠡ ᠪᠦᠰᠡᠯᠡᠬᠦ ᠨᠢ ᠮᠣᠩᠭᠤᠯᠴᠣᠳ ᠤᠨ ᠲᠡᠪᠡᠯ ᠬᠤᠪᠴᠠᠰᠣ ᠪᠠᠨ ᠪᠡᠶ᠎ᠡ ᠳᠤ ᠪᠠᠨ ᠲᠣᠬᠢᠷᠠᠭᠤᠯᠬᠤ᠂ ᠣᠳᠣᠷ ᠨᠡᠭᠦᠳᠡᠯ ᠢᠶᠠᠷ ᠶᠠᠪᠣᠬᠤ᠂ ᠠᠳᠣᠭᠤ ᠮᠠᠯ ᠢᠶᠠᠨ ᠬᠠᠷᠢᠭᠤᠯᠬᠤ᠂ ᠠᠶᠠᠨ ᠵᠢᠩ ᠳᠤ ᠶᠠᠪᠣᠬᠤ᠂ ᠬᠠᠯᠠᠭᠤᠨ ᠬᠦᠢᠳᠡᠨ ᠢ ᠲᠡᠩᠨᠡᠭᠦᠯᠵᠣ ᠵᠢᠪᠠᠷ ᠰᠠᠯᠬᠢ ᠠᠪᠬᠤ ᠶᠢ ᠰᠡᠷᠭᠡᠶᠢᠯᠡᠬᠦ ᠵᠡᠷᠭᠡ ᠳᠤ ᠲᠣᠳᠠᠭᠳᠠᠵᠣ ᠪᠣᠯᠣᠰᠢ ᠦᠭᠡᠢ ᠴᠢᠬᠤᠯᠠ ᠦᠢᠯᠡᠳᠦᠯ  ᠢ ᠦᠵᠡᠭᠦᠯᠦᠭᠰᠡᠭᠡᠷ ᠢᠷᠡᠭᠰᠡᠨ ᠶᠤᠮ᠃ ᠲᠠᠩ ᠭᠠᠭᠴᠠ ᠵᠠᠰᠠᠯ ᠴᠢᠮᠡᠭᠯᠡᠯ ᠤᠨ ᠡᠳ᠋ ᠪᠢᠰᠢ ᠶᠤᠮ᠃ ᠪᠦᠰᠡ ᠪᠣᠯ ᠲᠠᠶᠠᠭᠠᠷ ᠮᠣᠩᠭᠤᠯᠴᠣᠳ ᠤᠨ ᠡᠮᠦᠰᠭᠡᠯ ᠬᠤᠪᠴᠠᠰᠣᠨ ᠳᠤ ᠲᠦᠭᠡᠮᠡᠯ ᠬᠡᠷᠡᠭᠯᠡᠳᠡᠳᠡᠭ ᠴᠢᠬᠤᠯᠠ ᠡᠳ᠋ᠯᠡᠯ ᠪᠣᠯᠣᠨ᠎ᠠ᠃ ᠪᠦᠸᠧ ᠸᠠᠩ ᠬᠤᠰᠢᠭᠤᠨ ᠤ ᠮᠣᠩᠭᠤᠯᠴᠣᠳ ᠪᠦᠰᠡ ᠶᠢ ᠶᠡᠷᠦ ᠨᠢ ᠣᠯᠠᠭᠠᠨ᠂ ᠨᠣᠭᠤᠭᠠᠨ᠂ ᠰᠢᠷ᠎ᠠ᠂ ᠪᠣᠷᠣ ᠵᠡᠷᠭᠡ ᠦᠩᠭᠡ ᠶᠢᠨ ᠲᠣᠷᠭ᠎ᠠ ᠲᠣᠷᠳᠣᠩ ᠪᠣᠶᠣ ᠪᠦᠰ ᠢᠶᠠᠷ ᠬᠢᠳᠡᠭ᠃ ᠨᠢᠭᠡ ᠠᠴᠠ ᠬᠤᠶᠠᠷ ᠲᠣᠬᠤᠢ ᠦᠷᠭᠡᠨ ᠢᠶᠠᠷ᠂ ᠶᠢᠰᠦᠨ ᠲᠣᠬᠤᠢ ᠣᠷᠳᠣ ᠬᠡᠮᠵᠢᠶᠡᠯᠡᠵᠣ ᠬᠢᠨ᠎ᠡ᠃ ᠡᠷᠡᠭᠳᠡᠶᠢᠴᠣᠳ ᠡᠪᠦᠯ᠂ ᠬᠠᠪᠣᠷ᠂ ᠨᠠᠮᠣᠷ ᠤᠨ ᠣᠯᠠᠷᠢᠯ ᠳᠤ ᠲᠡᠪᠡᠯ ᠢᠶᠠᠨ ᠪᠠᠭ᠎ᠠ ᠠᠭᠰᠠᠭᠠᠨ ᠬᠦᠭᠡᠷᠭᠡᠵᠣ ᠪᠦᠰᠡᠯᠡᠳᠡᠭ᠃ ᠢᠳᠡᠷ ᠵᠠᠯᠠᠭᠤᠴᠣᠳ ᠵᠢᠯ ᠴᠠᠭᠠᠨ ᠰᠠᠷ᠎ᠠ᠂ ᠬᠤᠷᠢᠮ ᠨᠠᠶᠢᠷ ᠲᠡᠭᠡᠷ᠎ᠡ ᠪᠦᠰᠡ ᠪᠠᠨ ᠠᠭᠠᠷᠴᠤᠭ ᠨᠢᠷᠣᠭᠤᠨ ᠳᠤ ᠪᠠᠨ ᠬᠤᠶᠠᠷ ᠴᠠᠴᠤᠭ ᠭᠠᠷᠭᠠᠵᠣ ᠪᠦᠰᠡᠯᠡᠨ᠎ᠡ᠃ ᠪᠦᠰᠡ ᠶᠢ ᠣᠷᠳᠣ ᠲᠡᠪᠡᠯ ᠤᠨ ᠢᠶᠠᠨ ᠲᠡᠭᠡᠭᠦᠷ ᠦᠷᠭᠡᠨ ᠢᠶᠠᠷ ᠪᠦᠰᠡᠯᠡᠵᠣ ᠡᠷ᠎ᠡ ᠬᠦᠮᠦᠨ ᠤ ᠴᠤᠭ ᠰᠦᠯᠳᠡ ᠬᠡᠢ ᠮᠣᠷᠢ ᠪᠠᠨ ᠮᠠᠨᠳᠣᠭᠤᠯᠵᠣ ᠪᠠᠶᠢᠳᠠᠭ᠃ ᠪᠦᠸᠧ ᠸᠠᠩ ᠬᠤᠰᠢᠭᠤᠨ ᠤ ᠬᠠᠨᠵᠢᠶᠠᠷᠢ ᠬᠦᠷᠮ᠎ᠡ ᠶᠢ ᠪᠠᠷᠤᠭ ᠪᠦᠷ ᠣᠣᠵᠢ ᠭᠡᠵᠤ ᠬᠡᠯᠡᠳᠡᠭ᠃ ᠲᠣᠬᠠᠢ ᠦᠶ᠎ᠡ  ᠳᠤ ᠣᠣᠵᠢ ᠨᠢ ᠡᠷᠡᠭᠳᠡᠶᠢᠴᠣᠳ ᠤᠨ ᠯᠠᠷᠵᠢᠶ᠎ᠠ ᠰᠣᠷᠳᠣᠭᠤ ᠪᠣᠶᠣ ᠵᠠᠰᠠᠯ ᠤᠨ ᠡᠳ᠋ ᠪᠠᠶᠢᠪᠠ᠃ ᠵᠢᠯ ᠴᠠᠭᠠᠨ ᠰᠠᠷ᠎ᠠ᠂ ᠬᠤᠷᠢᠮ ᠨᠠᠶᠢᠷ ᠲᠡᠭᠡᠷ᠎ᠡ ᠲᠡᠪᠡᠯ ᠲᠡᠷᠯᠢᠭ ᠤᠨ ᠢᠶᠠᠨ ᠭᠠᠳᠠᠭᠤᠷ ᠬᠦᠷᠮ᠎ᠠ ᠪᠣᠶᠣ ᠬᠠᠨᠵᠢᠶᠠᠷᠢ ᠰᠣᠭᠰᠣᠷᠠᠨ ᠡᠮᠦᠰᠳᠡᠭ᠂ ᠣᠨᠴᠠᠭᠠᠶᠢᠯᠠᠨ ᠰᠢᠨ᠎ᠡ ᠬᠦᠷᠭᠡᠨ ᠮᠣᠷᠳᠠᠬᠤ ᠦᠶ᠎ᠡ ᠳᠤ ᠲᠣᠷᠭᠠᠨ ᠭᠠᠳᠠᠷ ᠲᠠᠢ ᠬᠤᠷᠠᠭᠠᠨ ᠵᠣᠪᠴᠠᠭ᠎ᠠ ᠡᠮᠦᠰᠴᠦ᠂ ᠣᠯᠠᠭᠠᠨ ᠲᠣᠷᠳᠣᠩ ᠪᠦᠰᠡ ᠶᠢ ᠠᠷᠣ ᠳᠤ ᠪᠠᠨ ᠨᠢᠵᠡᠭᠡᠳ ᠭᠤᠭᠴᠤᠭ᠎ᠠ ᠭᠠᠷᠭᠠᠨ ᠶᠠᠩᠵᠣᠯᠠᠨ ᠪᠦᠰᠡᠯᠡᠵᠣ᠂ ᠲᠡᠭᠦᠨ  ᠤ ᠭᠠᠳᠠᠭᠤᠷ ᠦᠩᠭᠡ ᠶᠢᠨ ᠬᠤᠸᠠᠷᠳᠠᠢ ᠬᠦᠷᠮ᠎ᠡ ᠰᠣᠭᠰᠣᠷᠠᠨ᠎ᠠ᠃ ᠮᠣᠩᠭᠤᠯᠴᠣᠳ ᠤᠨ ᠡᠮᠦᠰᠳᠡᠭ ᠪᠠᠶᠢᠭᠰᠨᠨ ᠦᠮᠦᠳᠦ ᠶᠢᠨ ᠬᠢᠨᠢ ᠵᠠᠬ᠎ᠠ ᠨᠢ ᠦᠨᠳᠦᠷ᠂ ᠡᠯᠡᠨ ᠨᠢ ᠦᠷᠭᠡᠨ᠂ ᠰᠢᠷᠬᠤᠨᠠᠭ ᠨᠢ ᠨᠠᠷᠢᠨ ᠪᠦᠭᠡᠳ ᠠᠷᠣ ᠦᠪᠦᠷ ᠤᠨ ᠢᠯᠭᠠᠭ᠎ᠠ ᠦᠭᠡᠢ᠃ ᠠᠳᠠᠯᠢ ᠪᠣᠰᠣ ᠣᠯᠠᠷᠢᠯ ᠳᠤ ᠠᠳᠠᠯᠢ ᠪᠣᠰᠣ  ᠪᠠᠷ ᠰᠣᠩᠭᠤᠵᠣ᠂ ᠲᠠᠩ᠂ ᠲᠠᠪᠬᠤᠷ᠂ ᠬᠦᠪᠦᠩᠳᠡᠢ ᠬᠢᠳᠡᠭ ᠪᠣᠶᠣ ᠦᠰᠦᠳᠡᠢ ᠠᠷᠠᠰᠣᠨ ᠦᠮᠦᠳᠦ᠂ ᠴᠣᠯᠭᠤᠢ ᠠᠷᠠᠰᠣᠨ ᠦᠮᠦᠳᠦ ᠬᠡᠬᠦᠴᠢᠯᠡᠨ ᠬᠢᠵᠣ ᠡᠮᠦᠰᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号