ᠡᠯ᠎ᠡ ᠵᠦᠢᠯ ᠤᠨ ᠪᠤᠷᠭᠠᠰᠤᠨ ᠬᠦᠷᠦᠮᠡᠯ ᠤᠨ ᠮᠡᠷᠭᠡᠵᠢᠯ
ᠨᠡᠶᠢᠲᠡᠯᠡᠭᠰᠡᠨ ᠴᠠᠭ᠄
2024/8/5
    ᠢᠵᠠᠭᠤᠷ ᠡᠷᠳᠡᠨ ᠠᠴᠠ ᠪᠠᠨ ᠡᠳ᠋ᠯᠡᠵᠦ ᠬᠡᠷᠡᠭᠯᠡᠭᠰᠡᠬᠡᠷ ᠦᠨᠦ ᠬᠦᠷᠴᠤ ᠢᠷᠡᠭᠰᠡᠨ ᠬᠦᠷᠦᠮᠡᠯ ᠤᠶᠠᠮᠠᠯ ᠪᠤᠯ ᠨᠡᠶᠢᠳᠡ ᠮᠤᠩᠭᠤᠯᠴᠤᠳ ᠤᠨ ᠡᠪᠦᠭᠡ ᠳᠡᠭᠡᠳᠤᠰ ᠤᠨ ᠮᠢᠨᠢ ᠦᠪᠡᠷ ᠤᠨ ᠤᠶᠤᠨ ᠤᠬᠠᠭᠠᠨ ᠪᠠ ᠤᠷ᠎ᠠ ᠮᠡᠷᠭᠡᠵᠢᠯ  ᠢᠶᠠᠷ ᠪᠦᠳᠦᠬᠡᠵᠦ ᠦᠯᠡᠳᠡᠭᠡᠭᠰᠡᠨ ᠤᠯᠠᠮᠵᠢᠯᠠᠯᠳᠤ ᠭᠠᠷ ᠤᠷᠠᠯᠠᠯ ᠤᠨ ᠪᠦᠳᠦᠬᠡᠯ ᠪᠤᠯᠬᠤ ᠪᠠᠷ ᠪᠠᠷᠠᠬᠤ ᠦᠭᠡᠢ᠂ ᠮᠠᠨ  ᠤ ᠦᠨᠳᠦᠰᠦᠳᠡᠨ ᠤ ᠡᠷᠬᠢᠮ ᠨᠠᠨᠳᠢᠨ ᠦᠪ ᠰᠤᠶᠤᠯ ᠪᠤᠯᠬᠤ ᠨᠢ ᠭᠠᠷᠴᠠᠭ᠎ᠠ ᠦᠭᠡᠢ ᠶᠤᠮ᠃ ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠮᠤᠩᠭᠤᠯᠴᠤᠳ ᠮᠠᠯᠵᠢᠯ ᠦᠢᠯᠡᠳᠪᠤᠷᠢᠯᠡᠯ ᠤᠨ ᠡᠳᠤᠷ ᠳᠤᠳᠤᠮ ᠤᠨ ᠬᠡᠷᠡᠭᠴᠡᠭᠡ ᠪᠠ ᠬᠡᠷᠡᠭᠯᠡᠬᠡᠨ ᠠᠴᠠ ᠪᠠᠨ ᠪᠤᠯᠵᠤ᠂ ᠪᠤᠳᠠ ᠪᠤᠷᠭᠠᠰᠤ ᠪᠠ ᠮᠤᠳᠤᠨ ᠤ ᠰᠠᠯᠠᠭ᠎ᠠ ᠨᠠᠮᠠᠭ᠎ᠠ᠂ ᠦᠨᠳᠦᠰᠦ ᠡᠪᠡᠰᠤ ᠪᠠᠷ ᠳᠤᠩ ᠪᠦᠭᠡ ᠳᠡᠰᠪᠤᠷᠢᠳᠠᠢ᠂ ᠮᠠᠰᠢ ᠭᠤᠶᠤ ᠦᠵᠡᠮᠵᠢ ᠲᠠᠢ ᠤᠯᠠᠨ ᠲᠦᠷᠦᠯ ᠵᠦᠢᠯ ᠤᠨ ᠬᠦᠷᠦᠮᠡᠯ ᠤᠶᠠᠮᠠᠯ ᠡᠳ᠋ᠯᠡᠯ ᠬᠡᠷᠡᠭᠰᠡᠯ ᠢ ᠤᠷᠠᠯᠠᠨ ᠪᠦᠳᠦᠬᠡᠵᠦ ᠡᠳ᠋ᠯᠡᠨ ᠬᠡᠷᠡᠭᠯᠡᠬᠦ ᠪᠤᠯᠪᠠ᠃ ᠰᠠᠭᠰᠤ ᠰᠠᠪᠠ ᠬᠦᠬᠡ ᠪᠤᠷᠭᠠᠰᠤ ︵ᠪᠤᠷᠤ ᠪᠤᠷᠭᠠᠰᠤ︶ ᠂ ᠤᠯᠠᠭᠠᠨ ᠪᠤᠷᠭᠠᠰᠤ᠂ ᠰᠢᠷ᠎ᠠ ᠪᠤᠷᠭᠠᠰᠤ᠂ ᠢᠮᠠᠭᠠᠨ ᠡᠪᠡᠷ᠂ ᠬᠤᠨᠭ᠍ᠭᠤᠷᠴᠤᠭᠳᠤ ᠮᠤᠳᠤ᠂ ᠢᠯᠠᠮ᠎ᠠ᠂ ᠬᠠᠶᠢᠯᠠᠰᠤ᠂ ᠤᠳᠠ ᠮᠤᠳᠤᠨ ᠤ ᠨᠠᠷᠢᠨ ᠰᠠᠯᠠᠭ᠎ᠠ ᠵᠡᠷᠭᠡ ᠪᠠᠷ ᠬᠦᠷᠦᠭᠰᠡᠨ ᠰᠠᠭᠰᠤᠨ ᠳᠤ ᠤᠯᠠᠨ ᠲᠦᠷᠦᠯ ᠵᠦᠢᠯ ᠪᠠᠶᠢᠳᠠᠭ᠃ ᠵᠢᠱᠢᠶᠡᠯᠡᠪᠡᠯ᠄ ᠠᠷᠭᠠᠯ ᠤᠨ ᠰᠠᠭᠰᠤ ︵ᠪᠠᠭᠠᠰᠤᠨ ᠰᠠᠭᠰᠤ︶᠂ ᠠᠷᠤᠭ ᠤᠨ ᠰᠠᠭᠰᠤ᠂ ᠲᠦᠡᠭᠰᠡᠨ ᠰᠠᠭᠰᠤ᠂ ᠡᠭᠡᠵᠢᠭ ᠤᠨ ᠰᠠᠭᠰᠤ᠂ ᠦᠨᠳᠡᠭᠡᠨ ᠰᠠᠭᠰᠤ ᠁ ᠵᠡᠷᠭᠡ ᠪᠠᠷ ᠬᠤᠪᠢᠶᠠᠨ ᠨᠡᠷᠡᠯᠡᠵᠦ᠂ ᠠᠳᠠᠯᠢ ᠪᠤᠰᠤ ᠪᠠᠷ ᠤᠷᠠᠯᠠᠨ ᠬᠦᠷᠦᠵᠦ ᠭᠡᠷᠡᠭᠯᠡᠳᠡᠭ᠃ ᠠᠷᠭᠠᠯ ᠤᠨ ᠰᠠᠭᠰᠤ ᠠᠷᠭᠠᠯ ᠳᠡᠬᠦᠵᠦ᠂ ᠠᠷᠭᠠᠯ ᠵᠦᠭᠡᠭᠡᠪᠤᠷᠢᠯᠡᠳᠡᠭ ᠰᠠᠭᠰᠤ ᠶᠢ ᠠᠷᠭᠠᠯ ᠤᠨ ᠰᠠᠭᠰᠤ ᠭᠡᠳᠡᠭ᠃ ᠮᠦᠨᠴᠤ ᠬᠦᠯᠳᠡᠬᠦᠦ ᠨᠦᠢᠳᠠᠨ ᠮᠠᠯ ᠤᠨ ᠪᠠᠭᠠᠰᠤ ᠶᠢ ᠵᠦᠬᠡᠬᠡᠪᠤᠷᠢᠯᠡᠨ ᠰᠢᠯᠵᠢᠬᠦᠯᠳᠡᠭ ᠰᠠᠭᠰᠤ ᠶᠢ ᠠᠷᠭᠠᠯ ᠤᠨ ᠰᠠᠭᠰᠤ ᠭᠡᠳᠡᠭ ᠶᠤᠮ᠃ ᠮᠠᠨ ᠤ ᠮᠤᠩᠭᠤᠯᠴᠤᠳ ᠦᠬᠡᠷ ᠤᠨ ᠪᠠᠭᠠᠰᠤ ᠪᠠᠨ ᠠᠷᠭᠠᠯ ᠭᠡᠵᠤ ᠬᠦᠨᠳᠦᠳᠬᠡᠨ ᠨᠡᠷᠡᠯᠡᠨ᠂ ᠶᠠᠭ ᠬᠠᠳᠠᠭᠰᠠᠨ ᠢ  ᠨᠢ ᠬᠠᠭᠤᠷᠠᠢ ᠠᠷᠭᠠᠯ᠂ ᠪᠠᠭ᠋ᠠᠨ ᠨᠦᠢᠳᠠᠨ ᠢ ᠨᠢ ᠴᠢᠬᠢᠭᠳᠡᠢ ᠠᠷᠭᠠᠯ ᠭᠡᠵᠤ᠂ ᠰᠢᠨ᠎ᠠ ᠪᠠᠭᠠᠭᠰᠠᠨ ᠨᠦᠢᠳᠠᠨ ᠠᠷᠭᠠᠯ ᠪᠤᠶᠤ ᠬᠦᠯᠳᠡᠭᠰᠡᠨ ᠠᠷᠭᠠᠯ ᠢ ᠦᠬᠡᠷ ᠤᠨ ᠪᠠᠭᠠᠰᠤ ᠪᠤᠶᠤ ᠦᠬᠡᠷ ᠤᠨ ᠬᠦᠯᠳᠡᠬᠦᠰᠦ ᠭᠡᠵᠤ ᠭᠡᠯᠡᠳᠡᠭ᠃ ᠳᠡᠶᠢᠮᠤᠷᠬᠦ ᠬᠠᠭᠤᠷᠠᠢ ᠠᠷᠭᠠᠯ ᠳᠤ ᠵᠠᠷᠤᠵᠤ ᠬᠡᠷᠡᠭᠯᠡᠬᠦ ᠰᠠᠭᠰᠤ ᠶᠢ ᠠᠷᠭᠠᠯ ᠤᠨ ᠰᠠᠭᠰᠤ ᠭᠡᠵᠤ᠂ ᠨᠦᠢᠳᠠᠨ ᠬᠦᠯᠳᠡᠬᠦᠦ ᠠᠷᠭᠠᠯ  ᠳᠤ ᠵᠠᠷᠤᠵᠤ ᠬᠡᠷᠡᠭᠯᠡᠬᠦ ᠰᠠᠭᠰᠤ ᠶᠢ ᠪᠠᠭᠠᠰᠤᠨ ᠰᠠᠭᠰᠤ ᠭᠡᠳᠡᠭ᠃ ᠦᠨᠡᠨᠳᠡᠭᠡᠨ ᠨᠢᠬᠡ ᠯᠠ ᠠᠮᠢᠳᠠᠨ ᠤ ᠪᠠᠭᠠᠰᠤ ᠪᠤᠯᠪᠠᠴᠤ ᠬᠦᠮᠦᠰ ᠲᠤ ᠳᠠᠨᠢᠭᠳᠠᠬᠤ ᠨᠢ ᠬᠤᠶᠠᠷ ᠠᠰᠳᠠᠭᠠᠨ ᠪᠤᠳᠠᠰ ᠪᠤᠯᠵᠤ᠂ ᠬᠡᠷᠡᠭᠯᠡᠬᠡᠨ ᠢᠶᠠᠨ ᠴᠦ ᠬᠤᠪᠢᠶᠠᠷᠢᠯᠠᠵᠤ ᠵᠠᠷᠤᠬᠤ ᠪᠤᠯᠤᠭᠰᠠᠨ ᠪᠠᠶᠢᠨ᠎ᠠ᠃ ᠠᠷᠭᠠᠯ ᠤᠨ ᠰᠠᠭᠰᠤᠨ ᠤ ᠵᠠᠷᠤᠳᠠᠯ ᠬᠡᠷᠡᠭᠴᠡᠭᠡ ᠦᠷᠬᠡᠨ ᠳᠡᠯᠬᠡᠷ ᠠᠴᠠ ᠬᠦᠮᠦᠰ ᠠᠷᠭᠠᠯ ᠤᠨ ᠰᠠᠭᠰᠤ ᠭᠡᠵᠤ ᠳᠠᠭᠤᠳᠠᠵᠤ ᠬᠡᠯᠡᠵᠦ ᠪᠠᠶᠢᠭᠰᠠᠨ ᠢᠶᠠᠨ ᠲᠦᠬᠦᠮᠴᠢᠯᠡᠬᠡᠳ ᠵᠦᠪᠬᠡᠨ ᠰᠠᠭᠰᠤ ᠭᠡᠵᠤ ᠳᠠᠭᠤᠳᠠᠵᠤ ᠬᠡᠯᠡᠬᠦ ᠪᠤᠯᠵᠤ᠂ ᠰᠠᠭᠰᠤ ᠭᠡᠭᠰᠡᠬᠡᠷ ᠠᠷᠭᠠᠯ ᠤᠨ ᠰᠠᠭᠰᠤ ᠶᠢ ᠬᠡᠯᠡᠵᠦ ᠪᠠᠶᠢᠭ᠎ᠠ ᠶᠢ ᠨᠡᠶᠢᠳᠡᠮ ᠳᠤ ᠪᠠᠨ ᠤᠶᠢᠯᠠᠭᠠᠬᠤ ᠪᠤᠯᠤᠭᠰᠠᠨ ᠶᠤᠮ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号