ᠳ᠋᠊᠂ ᠡᠷᠳᠡᠮᠳᠦ ᠤᠩᠭᠤᠴᠠᠳᠠᠢ — ᠤᠩᠭᠤᠴᠠᠳᠠᠢ ᠠᠶᠢᠯ ᠤᠨ ᠪᠠᠷᠠᠭᠤᠨ ᠬᠤᠶᠢᠳᠦ ᠭᠤᠤ ᠶᠢᠨ ᠪᠠᠷᠠᠭᠤᠨ | ᠲᠡᠨᠵᠢ᠂ ᠱᠤᠷᠤᠩ ᠤᠨ ᠠᠭᠤᠯᠠᠨ ᠤ ᠪᠤᠯᠠᠢ ᠳᠤ᠂ ᠭᠦᠷᠢᠶᠡᠳᠦ ᠶᠢᠨ ᠠᠭᠤᠯᠠᠨ ᠤ ᠵᠡᠭᠦᠨ ᠪᠡᠶ᠎ᠡ ᠳᠤ ᠨᠢᠬᠡᠨ ᠬᠡᠰᠡᠭ | ᠲᠡᠭᠰᠢ ᠲᠠᠯ᠎ᠠ ᠭᠠᠵᠠᠷ ᠪᠠᠶᠢᠳᠠᠭ᠃ ᠠᠳᠠ ᠦᠩᠬᠡᠷᠡᠭᠰᠡᠨ ᠳᠤ ᠵᠠᠭᠤ ᠰᠢᠬᠠᠮ ᠡᠷᠳᠡᠨ ᠤ ᠭᠠᠭᠴᠠ ᠨᠢᠳᠦ ᠲᠠᠢ | ᠴᠢᠯᠠᠭᠤᠨ ᠤᠩᠭᠤᠴᠠ ᠪᠠᠶᠢᠭᠰᠠᠨ ᠶᠤᠮ᠃ ᠡᠨᠡ ᠭᠦ ᠴᠢᠯᠠᠭᠤᠨ ᠤᠩᠭᠤᠴᠠ ᠶᠢᠨ ᠤᠶᠢᠷᠠᠯᠴᠠᠭ᠎ᠠ ᠠᠶᠢᠯ ᠪᠤᠯᠵᠦ | ᠰᠠᠭᠤᠭᠰᠠᠨ ᠠᠴᠠ ᠲᠤᠰ ᠠᠶᠢᠯ ᠢ ᠴᠢᠯᠠᠭᠤᠨ ᠤᠩᠭᠤᠴᠠᠳᠠᠢ ᠬᠡᠵᠦ ᠨᠠᠷᠠᠯᠠᠨ᠂ ᠲᠦᠭᠦᠮᠴᠢᠯᠡᠬᠡᠳ ᠤᠩᠭᠤᠴᠠᠳᠠᠢ | ᠬᠡᠵᠦ ᠨᠠᠷᠠᠯᠠᠬᠤ ᠪᠤᠯᠤᠭᠰᠠᠨ ᠶᠤᠮ᠃ ᠲᠤᠰ ᠠᠶᠢᠯ ᠤᠨ ᠬᠠᠷᠢᠶ᠎ᠠ ᠠᠴᠠ ᠭᠦᠮᠦᠰ ᠯᠢᠶᠦᠦ ᠤᠯᠤᠰ᠂ ᠶᠤᠸᠠᠨ | ᠤᠯᠤᠰ ᠤᠨ ᠤᠩᠭᠤᠨ ᠢ ᠰᠠᠨᠠᠮᠰᠠᠷ ᠦᠬᠡᠢ ᠮᠠᠯᠳᠠᠵᠦ ᠭᠠᠷᠭᠠᠭᠰᠠᠨ ᠲᠠᠤᠬᠡ ᠲᠠᠢ᠃ ︽ᠭᠦᠷᠢᠶ᠎ᠡ ᠬᠤᠰᠢᠭᠤᠨ ᠤ | ᠭᠠᠵᠠᠷ ᠤᠨ ᠨᠠᠷᠠᠰ ᠤᠨ ᠲᠡᠮᠳᠡᠭᠯᠡᠯ︾ ᠳᠤ ᠲᠡᠳᠡᠬᠡᠷ ᠴᠢᠯᠠᠭᠤᠨ ᠤᠩᠭᠤᠴᠠ ᠶᠢ ︽ᠯᠢᠶᠦᠦ ᠤᠯᠤᠰ ᠤᠨ ᠦᠶ᠎ᠡ ᠶᠢᠨ | ᠴᠢᠯᠠᠭᠤᠨ ᠤᠩᠭᠤᠴᠠ︾ ᠬᠡᠵᠦ ᠲᠡᠮᠳᠡᠭᠯᠡᠵᠦ ᠪᠠᠶᠢᠨ᠎ᠠ᠃ ᠴᠠᠬᠠᠷ — ᠴᠠᠬᠠᠷ ᠠᠶᠢᠮᠠᠭ ᠤᠨ ᠢᠮᠠᠭᠠᠴᠢᠨ ︵ | ᠬᠤᠨᠢᠴᠢᠨ︶ ᠪᠤᠶᠦ ᠤᠬᠤᠨᠠᠨ ᠤᠪᠤᠭᠳᠦ ᠢᠷᠡᠵᠦ ᠰᠠᠭᠤᠭᠰᠠᠨ ᠠᠴᠠ ᠴᠠᠬᠠᠷ ᠠᠶᠢᠯ ᠪᠤᠢ ᠪᠤᠯᠪᠠ᠃ ᠠᠯᠢᠮᠠᠳᠦ — | ᠠᠶᠢᠯ ᠤᠨ ᠵᠡᠭᠦᠨᠳᠠᠢ ᠤᠯᠠᠨ ᠠᠯᠢᠮ᠎ᠠ ᠶᠢᠨ ᠮᠤᠳᠦ ᠲᠠᠢ ᠪᠠᠶᠢᠭᠰᠠᠨ ᠠᠴᠠ ᠠᠯᠢᠮᠠᠳᠦ ᠬᠡᠵᠦ ᠨᠡᠷᠡᠯᠡᠪᠡ᠃ ᠴᠤᠷᠵᠢ | — ᠰᠦᠮ᠎ᠡ ᠶᠢᠨ ᠬᠤᠷᠠᠯ ᠳᠤ ᠨᠤᠮ ᠤᠨ ᠦᠢᠯᠡ ᠶᠢ ᠲᠤᠯᠤᠭᠠᠶᠢᠯᠠᠭᠴᠢ ᠯᠠᠮᠠ ᠶᠢᠨ ᠲᠤᠰᠢᠶᠠᠯ ᠤᠨ ᠨᠠᠷᠠ᠂ ᠲᠤᠰ | ᠠᠶᠢᠯ ᠳᠤ ᠴᠤᠷᠵᠢ ᠲᠤᠰᠢᠶᠠᠯ ᠲᠠᠢ ᠯᠠᠮᠠ ᠪᠠᠶᠢᠭᠰᠠᠨ ᠠᠴᠠ ᠠᠶᠢᠯ ᠤᠨ ᠨᠠᠷᠠ ᠪᠤᠯᠪᠠ᠃ ᠤᠳᠦ ᠪᠠᠶᠠᠨᠬᠤᠸᠠ ᠠᠶᠢᠯ | ᠬᠡᠵᠦ ᠨᠡᠷᠡᠯᠡᠪᠡ᠃ ᠤᠯᠠᠭᠠᠨ ᠭᠠᠩ — ᠠᠶᠢᠯ ᠤᠨ ᠡᠮᠦᠨ᠎ᠡ ᠡᠷᠬᠢ ᠳᠤ ᠤᠯᠠᠭᠠᠨ ᠦᠩᠬᠡ ᠲᠠᠢ ᠭᠠᠩᠭ᠎ᠠ | ᠪᠠᠶᠢᠭᠰᠠᠨ ᠠᠴᠠ ᠲᠤᠰᠬᠤᠨ ᠤ ᠨᠠᠷᠠᠶᠢᠳᠦᠯ ᠪᠤᠯᠪᠠ᠃ ᠠᠭᠴᠢᠨ — ᠴᠤᠬᠤᠮ ᠨᠠᠷᠠ ᠨᠢ ᠠᠭᠳᠠᠴᠢᠨ ᠬᠡᠳᠡᠭ᠃ | ᠠᠳᠤᠭᠤ ᠮᠤᠷᠢ ᠬᠠᠷᠢᠭᠤᠯᠵᠦ ᠪᠠᠶᠢᠭᠰᠠᠨ ᠠᠳᠤᠭᠤᠴᠢᠨ ᠪᠤᠶᠦ ᠠᠭᠳᠠᠴᠢᠨ ᠤᠪᠤᠭ ᠢᠷᠡᠵᠦ ᠠᠶᠢᠯ ᠪᠤᠯᠤᠭᠰᠠᠨ ᠠᠴᠠ | ᠢᠷᠡᠯᠳᠠᠢ᠃ ᠪᠤᠯᠪᠠᠰᠤᠨ — ᠰᠤᠶᠤᠯ ᠪᠤᠯᠪᠠᠰᠤᠨ ᠤ ᠪᠤᠯᠪᠠᠰᠤᠨ᠃ ᠯᠠᠮᠠ ᠶᠢᠨ ᠭᠤᠤ — ᠭᠤᠤ ᠲᠤᠳᠤᠷ᠎ᠠ ᠨᠢ | ᠰᠦᠮ᠎ᠡ ᠲᠠᠢ ᠯᠠᠮᠠ ᠲᠠᠢ ᠪᠠᠶᠢᠭᠰᠠᠨ ᠠᠴᠠ ᠢᠩᠬᠢᠵᠦ ᠨᠡᠷᠡᠯᠡᠪᠡ᠃ ᠪᠠᠷᠠᠭᠤᠨ ᠨᠤᠬᠠᠢ ᠪᠠᠶᠢᠰᠢᠩ — ᠲᠡᠵᠢᠬᠡᠭᠰᠡᠨ | ᠨᠤᠬᠠᠢ ᠨᠢ ᠤᠶᠢᠷ᠎ᠠ ᠤᠷᠴᠢᠮ ᠳᠠᠭᠠᠨ ᠨᠠᠷᠠᠳᠠᠢ ᠬᠡᠴᠡᠭᠦᠦ ᠲᠤᠭᠰᠢᠨ ᠪᠠᠶᠢᠭᠰᠠᠨ ᠠᠴᠠ ᠨᠤᠬᠠᠢ ᠪᠠᠶᠢᠰᠢᠩ ᠨᠠᠷᠠ ᠲᠠᠢ | ᠪᠤᠯᠪᠠ ᠬᠡᠳᠡᠭ᠃ ᠪᠠᠳᠤᠴᠠᠭᠠᠨ — ᠪᠠᠳᠤᠴᠠᠭᠠᠨ ᠮᠤᠳᠦ ᠠᠷᠪᠢᠨ ᠤᠷᠭᠤᠵᠦ ᠪᠠᠶᠢᠭᠰᠠᠨ ᠭᠠᠵᠠᠷ ᠰᠠᠭᠤᠭᠰᠠᠨ | ᠠᠶᠢᠯ᠃ ᠰᠧᠷᠡᠪ — ᠰᠧᠷᠡᠪ ᠨᠠᠷᠠᠳᠠᠢ ᠭᠦᠮᠦᠨ ᠠᠶᠢᠯ ᠪᠤᠯᠵᠦ ᠰᠠᠭᠤᠭᠰᠠᠨ ᠠᠴᠠ ᠰᠧᠷᠡᠪ ᠤᠨ ᠠᠶᠢᠯ ᠬᠡᠳᠡᠭ | ᠨᠠᠷᠠᠶᠢᠳᠤᠯ ᠪᠤᠢ ᠪᠤᠯᠪᠠ᠃ ᠲᠤᠯᠤᠭᠠᠨ ᠬᠡᠷ — ᠠᠶᠢᠯ ᠪᠤᠯᠵᠦ ᠰᠠᠭᠤᠬᠤ ᠦᠶᠡᠰ ᠲᠤᠯᠤᠭᠠᠨ ᠬᠡᠷ ᠪᠠᠶᠢᠭᠰᠠᠨ | ᠲᠤᠯᠠ ᠢᠩᠬᠢᠵᠦ ᠨᠡᠷᠡᠯᠡᠪᠡ᠃ ᠳ᠋ᠠᠬᠠᠨ — ᠶᠡᠭᠡ ᠬᠠᠨ ᠬᠡᠰᠡᠨ ᠦᠬᠡ᠂ ᠬᠠᠨ ᠤ ᠶᠠᠮᠠᠷ ᠨᠢᠬᠡᠨ ᠤᠶᠢᠷ᠎ᠡ | ᠲᠦᠷᠦᠯ ᠨᠢ ᠠᠳᠠ ᠢᠷᠡᠵᠦ ᠨᠤᠳᠤᠭᠰᠢᠨ ᠰᠠᠭᠤᠭᠰᠠᠨ ᠠᠴᠠ ᠢᠩᠬᠢᠵᠦ ᠨᠡᠷᠡᠶᠢᠳᠪᠡ᠃ ᠭᠤᠩᠰᠢᠶ᠎ᠠ — ᠠᠳᠠ | ᠢᠷᠡᠵᠦ ᠠᠶᠢᠯ ᠪᠤᠯᠵᠦ ᠰᠠᠭᠤᠭᠰᠠᠨ ᠭᠦᠮᠦᠨ ᠨᠢ ᠭᠤᠩᠰᠢᠶ᠎ᠠ ᠲᠠᠭᠤ ᠲᠠᠢ ᠪᠠᠶᠢᠭᠰᠠᠨ ᠠᠴᠠ ᠭᠤᠩᠰᠢᠶ᠎ᠠ ᠶᠢᠨ ᠠᠶᠢᠯ | ᠪᠤᠯᠪᠠ᠃ ᠪᠦᠵᠤᠩᠬᠡᠢ — ᠨᠡᠭᠦᠵᠦ ᠰᠢᠯᠵᠢᠭᠦ ᠲᠤᠷᠠᠳᠠᠢ ᠴᠠᠬᠠᠷ ᠠᠶᠢᠮᠠᠭ ᠤᠨ ᠭᠦᠮᠦᠨ ᠠᠳᠠ ᠰᠠᠭᠤᠭᠰᠠᠨ ᠠᠴᠠ | ᠪᠦᠵᠤᠩ ᠰᠢᠭ ᠵᠠᠩ ᠲᠠᠢ ᠬᠡᠮᠡᠨ ᠬᠡᠯᠡᠯᠴᠡᠵᠦ ᠠᠶᠢᠯ ᠤᠨ ᠨᠡᠷ᠎ᠡ ᠨᠢ ᠪᠦᠵᠤᠩᠬᠡᠢ ᠪᠤᠯᠪᠠ᠃ ᠰᠢᠪᠠᠷᠳᠠᠢ — | ᠠᠶᠢᠯ ᠤᠨ ᠡᠮᠦᠨᠡᠭᠦᠷ ᠤᠷᠤᠰᠬᠤ ᠭᠤᠤᠯ ᠨᠢ ᠰᠢᠪᠡᠷ ᠱᠠᠯᠴᠢᠭ ᠲᠠᠢ᠂ ᠮᠠᠯ ᠤᠨᠤᠭ᠎ᠠ ᠤᠯᠠᠨ ᠤᠳᠠᠭ᠎ᠠ ᠰᠢᠪᠠᠷᠳᠠᠭᠰᠠᠨ | ᠲᠤᠯᠠ ᠰᠢᠪᠠᠷᠳᠠᠢ ᠬᠡᠮᠡᠨ ᠨᠠᠷᠠ ᠭᠠᠷᠴᠦ᠂ ᠬᠤᠵᠢᠮ ᠨᠢ ᠠᠶᠢᠯ ᠤᠨ ᠨᠠᠷᠡᠶᠢᠳᠦᠯ ᠪᠤᠯᠪᠠ᠃ ᠮᠠᠨᠽᠢ — | ᠰᠤᠨᠤᠰᠬᠤᠯ᠎ᠠ᠂ ᠴᠢᠩ ᠤᠯᠤᠰ ᠤᠨ ᠡᠩᠬᠡ ᠠᠮᠤᠭᠤᠯᠠᠩ ᠬᠠᠭᠠᠨ ᠴᠠᠭᠳᠠᠨ ᠪᠠᠶᠢᠴᠠᠭᠠᠵᠦ ᠶᠠᠪᠤᠬᠤ ᠳᠠᠭᠠᠨ ᠲᠤᠰ | ᠠᠶᠢᠯ ᠳᠤ ᠭᠦᠷᠴᠦ ᠢᠷᠡᠬᠡᠳ ᠰᠠᠭᠤᠭᠠᠯᠢ ᠠᠷᠠᠳ ᠲᠡᠭᠦᠨ ᠳᠤ ᠰᠦᠭᠦᠳᠴᠦ ᠮᠦᠷᠭᠦᠭᠰᠡᠨ ᠦᠬᠡᠢ ᠳᠤ ︽ᠵᠡᠷᠯᠢᠭ᠂ | ᠮᠠᠩᠭᠤᠰ ᠮᠠᠳᠦ︕︾ ᠬᠡᠮᠡᠨ ᠬᠡᠯᠡᠭᠰᠡᠨ ᠠᠴᠠ ᠮᠠᠨᠽᠢ ᠶᠢᠨ ᠠᠶᠢᠯ ᠪᠤᠯᠪᠠ ᠬᠡᠳᠡᠭ᠃ ᠯᠠᠶᠢᠽᠢ — ᠡᠩᠬᠡ | ᠠᠮᠤᠭᠤᠯᠠᠩ ᠨᠢᠬᠡᠨ ᠠᠶᠢᠯ ᠳᠤ ᠭᠦᠷᠦᠬᠡᠳ ᠠᠳᠡᠬᠢ ᠠᠷᠠᠳ ᠢ ︽ᠯᠠᠶᠢᠮᠤᠤᠰ︾ ᠬᠡᠵᠦ ᠬᠡᠯᠡᠭᠰᠡᠨ ᠠᠴᠠ ᠲᠤᠰᠬᠤᠨ ᠤ | ᠨᠡᠷ᠎ᠡ ᠶᠢ ᠯᠠᠶᠢᠽᠢ ᠬᠡᠵᠦ ᠨᠡᠷᠡᠯᠡᠪᠡ ᠬᠡᠨ᠎ᠡ᠃ ᠳ᠋ᠦᠩᠰᠢᠭᠤᠷ — ᠡᠩᠬᠡ ᠠᠮᠤᠭᠤᠯᠠᠩ ᠵᠠᠮᠨᠠᠭᠰᠠᠭᠠᠷ ᠨᠢᠬᠡᠨ ᠠᠶᠢᠯ | ᠭᠦᠷᠭᠦ ᠳᠤ ᠭᠠᠷ ᠨᠢ ᠭᠦᠯᠳᠡᠭᠦ ᠰᠢᠬᠠᠪᠠ᠂ ᠡᠶᠢᠨ ᠭᠦ ᠲᠤᠰ ᠠᠶᠢᠯ ᠢ ᠳ᠋ᠦᠩ ᠱᠸᠦ ᠬᠡᠵᠦ ᠨᠠᠷᠠᠯᠠᠨ ᠶᠠᠪᠠᠭᠠᠨ ᠳᠠᠭᠠᠨ | ᠳ᠋ᠦᠩᠰᠢᠭᠤᠷ ᠪᠤᠯᠪᠠ ᠬᠡᠳᠡᠭ᠃ ᠬᠤᠵᠢᠷ ᠤᠨ ᠭᠤᠤᠯ — ᠠᠶᠢᠯ ᠤᠨ ᠲᠤᠮᠳᠠᠭᠤᠷ ᠤᠷᠤᠰᠬᠤ ᠭᠤᠤᠯ ᠨᠢ | ᠬᠤᠵᠢᠷ ᠲᠠᠢ ᠲᠤᠯᠠ ᠬᠤᠵᠢᠷ ᠢᠶᠠᠷ ᠤᠨᠴᠠᠯᠢᠭ ᠪᠤᠯᠭᠠᠵᠦ ᠬᠤᠵᠢᠷ ᠤᠨ ᠭᠤᠤᠯ ᠪᠤᠯᠪᠠ᠃ ᠲᠤᠯᠤᠭᠠᠳᠦ — ᠪᠤᠤ | ᠤᠪᠤᠭᠳᠦ ᠶᠢᠨ ᠠᠬ᠎ᠠ ᠲᠡᠭᠦᠦ ᠲᠤᠯᠤᠭᠠᠭᠤᠯᠠ ᠨᠡᠭᠦᠵᠦ ᠢᠷᠡᠵᠦ ᠠᠶᠢᠯ ᠪᠤᠯᠤᠭᠰᠠ ᠠᠴᠠ ᠲᠤᠯᠤᠭᠠᠳᠦ ᠬᠡᠰᠡᠨ ᠨᠠᠷᠠ | ᠪᠤᠯᠪᠠ᠃ ᠪᠠᠰᠠ ᠠᠭᠤᠷ ᠤᠨ ᠠᠶᠢᠯ ᠬᠡᠮᠡᠳᠡᠭ᠃ ᠪᠤᠭᠤᠳᠠᠢ — ᠠᠯᠢ ᠡᠷᠳᠠ ᠡᠨᠡ ᠭᠠᠵᠠᠷ ᠪᠤᠭᠤ ᠰᠤᠭᠤ ᠠᠷᠪᠢᠨ | ᠪᠠᠶᠢᠭᠰᠠᠨ ᠲᠤᠯᠠ ᠪᠤᠭᠤᠳᠠᠢ ᠬᠡᠵᠦ ᠠᠶᠢᠯ ᠤᠨ ᠨᠡᠷ᠎ᠡ ᠪᠤᠢ ᠪᠤᠯᠪᠠ᠃ ᠦᠨᠳᠦᠷ ᠤᠨ ᠪᠠᠶᠢᠰᠢᠩ — ᠠᠶᠢᠯ ᠪᠤᠯᠵᠦ | ᠰᠠᠭᠤᠭᠰᠠᠨ ᠡᠷᠦᠬᠡ ᠨᠢ ᠦᠨᠳᠦᠷ ᠬᠡᠷᠡᠮ ᠪᠠᠷᠢᠵᠦ ᠰᠠᠭᠤᠷᠢᠰᠢᠭᠰᠠᠨ ᠠᠴᠠ ᠡᠨᠡ ᠨᠠᠷᠠ ᠪᠤᠢ ᠪᠤᠯᠪᠠ᠃ ᠪᠠᠶᠠᠨᠳᠠᠯ᠎ᠠ | — ᠤᠰᠤ ᠪᠡᠯᠴᠢᠬᠡᠷ ᠪᠠᠶᠠᠯᠢᠭ ᠲᠠᠯ᠎ᠠ ᠬᠡᠰᠡᠨ ᠦᠬᠡ ᠠᠴᠠ ᠢᠷᠡᠯᠳᠠᠢ᠃ ᠨᠠᠷᠢᠨᠳᠠᠯᠠ — ᠨᠠᠷᠢᠨ ᠤᠷᠳᠦ ᠲᠠᠯ᠎ᠠ | ᠭᠠᠵᠠᠷ ᠬᠡᠰᠡᠨ ᠦᠬᠡ ᠠᠴᠠ ᠠᠶᠢᠯ ᠤᠨ ᠨᠡᠷ᠎ᠡ ᠪᠤᠯᠪᠠ᠃ ᠪᠧᠪᠸᠢ — ᠤᠷᠴᠢᠨ ᠲᠤᠭᠤᠷᠢᠨ ᠤ ᠬᠡᠳᠦᠨ | ᠬᠤᠰᠢᠭᠤᠨ ᠤ ᠪᠦᠬᠡ ᠠᠳᠠ ᠴᠤᠭᠯᠠᠷᠠᠨ ᠪᠦᠬᠡᠯᠡᠭᠰᠡᠨ ᠬᠡᠳᠡᠭ᠃ ᠪᠦᠬᠡ ᠪᠦᠬᠡᠯᠡᠭᠰᠡᠨ ᠭᠠᠵᠠᠷ ᠠᠴᠠ ᠲᠦᠭᠦᠮᠴᠢᠯᠡᠨ | ᠪᠧᠪᠸᠢ ᠪᠤᠯᠴᠢᠬᠠᠯ᠎ᠠ ᠬᠡᠨ᠎ᠡ᠃ ᠭᠤᠷᠪᠠᠨ ᠮᠤᠳᠦ — ᠠᠶᠢᠯ ᠤᠨ ᠲᠤᠮᠳᠠ ᠨᠢ ᠭᠤᠷᠪᠠᠭ᠋ᠠᠨ ᠮᠤᠳᠦ ᠪᠠᠶᠢᠯ᠎ᠠ ᠬᠡᠳᠡᠭ᠃ | ᠵᠢᠯᠳᠦ — ᠮᠠᠯ ᠤᠨᠤᠭ᠎ᠠ ᠤᠶᠠᠬᠤ ᠳᠤ ᠬᠡᠷᠡᠭᠯᠡᠭᠦ ᠱᠤᠩ ᠭᠠᠳᠠᠰᠦ ᠲᠠᠢ ᠵᠠᠯ᠎ᠠ ᠪᠠᠶᠢᠭᠰᠠᠨ ᠠᠴᠠ ᠵᠠᠯᠠᠳᠦ ᠪᠤᠯᠪᠠ᠃ | ᠶᠠᠪᠠᠭᠠᠨ ᠳᠠᠭᠠᠨ ᠵᠢᠯᠳᠦ ᠪᠤᠯᠪᠠ᠃ ᠲᠠᠷᠳᠡᠩ — ᠰᠠᠷᠠᠭᠤᠯ ᠲᠠᠷᠳᠡᠩ ᠬᠡᠰᠡᠨ ᠦᠬᠡ᠃ ᠭᠤᠤᠳᠦ — ᠠᠶᠢᠯ | ᠪᠤᠯᠵᠦ ᠰᠠᠭᠤᠭᠰᠠᠨ ᠡᠷᠦᠬᠡ ᠨᠢ ᠡᠯᠡᠰᠦ ᠶᠢ ᠮᠠᠯᠳᠠᠵᠦ ᠭᠤᠤ ᠭᠠᠷᠭᠠᠭᠠᠳ ᠲᠠᠷᠢᠶ᠎ᠠ ᠲᠠᠷᠢᠵᠦ ᠡᠬᠢᠯᠡᠭᠰᠡᠨ ᠠᠴᠠ | ᠭᠤᠤᠳᠦ ᠬᠡᠰᠡᠨ ᠠᠶᠢᠯ ᠤᠨ ᠨᠠᠷᠠ ᠪᠤᠢ ᠪᠤᠯᠪᠠ᠃ ᠠᠭᠤᠯᠠ — ᠠᠭᠤᠯᠠ ᠶᠢᠨ ᠪᠠᠷᠠᠭᠤᠨ ᠳᠤ ᠠᠶᠢᠯ ᠪᠤᠯᠵᠦ | ᠰᠠᠭᠤᠭᠰᠠᠨ ᠠᠴᠠ ᠠᠭᠤᠯᠠ ᠶᠢᠨ ᠠᠶᠢᠯ ᠬᠡᠰᠡᠨ ᠨᠠᠷᠠ ᠪᠤᠢ ᠪᠤᠯᠪᠠ᠃ ᠶᠠᠩᠰᠢᠪ — ᠤᠤᠯ ᠨᠠᠷᠠ ᠨᠢ ᠶᠠᠩ ᠰᠢᠪᠡᠭᠡ | ᠂ ᠢᠮᠠᠭᠠᠨ ᠰᠢᠪᠡᠭᠡ ᠬᠡᠰᠡᠨ ᠦᠬᠡ᠃ ᠴᠢᠩ ᠤᠯᠤᠰ ᠤᠨ ᠲᠤᠮᠳᠠᠴᠢ ᠪᠠᠷ ᠰᠢᠪᠡᠭᠡ ᠦᠨᠳᠦᠰᠦᠳᠠᠨ ᠢ ᠲᠤᠳᠤᠭᠰᠢ | ᠰᠢᠯᠵᠢᠭᠦᠯᠭᠦ ᠳᠤ ᠢᠷᠡᠭᠰᠡᠨ ᠢᠮᠠᠭᠠᠴᠢᠨ ᠰᠢᠪᠡᠭᠡ ᠠᠳᠠ ᠠᠶᠢᠯ ᠪᠤᠯᠵᠦ ᠰᠠᠭᠤᠭᠰᠠᠨ ᠠᠴᠠ ᠶᠠᠩ ᠰᠢᠪᠡᠭᠡ ᠬᠡᠰᠡᠨ | ᠠᠶᠢᠯ ᠲᠤᠰᠬᠤᠨ ᠤ ᠨᠠᠷᠠ ᠪᠤᠢ ᠪᠤᠯᠪᠠ᠃ ᠶᠠᠪᠠᠭᠠᠨ ᠳᠠᠭᠠᠨ ᠶᠠᠩ ᠰᠢᠪᠡᠭᠡ ᠨᠢ ᠶᠠᠩᠰᠢᠪ ᠪᠤᠯᠵᠦ ᠬᠤᠪᠢᠷᠠᠪᠠ᠃ | ᠡᠷᠬᠢ ᠶᠢᠨ ᠰᠢᠪᠡᠭᠡ — ᠡᠷᠬᠢ ᠲᠦᠰᠢᠵᠦ ᠰᠠᠭᠤᠭᠰᠠᠨ ᠰᠢᠪᠡᠭᠡ ᠦᠨᠳᠦᠰᠦᠳᠠᠨ ᠤ ᠡᠷᠦᠬᠡ ᠬᠡᠷ ᠪᠠᠶᠢᠭᠰᠠᠨ ᠠᠴᠠ | ᠡᠷᠬᠢ ᠶᠢᠨ ᠰᠢᠪᠡᠭᠡ ᠠᠶᠢᠯ ᠪᠤᠯᠵᠦ ᠤᠯᠠᠷᠢᠪᠠ᠃ ᠮᠠᠨᠵᠦ ᠶᠢᠨ ᠰᠢᠪᠡᠭᠡ — ᠮᠠᠨᠵᠦ ᠦᠰᠦᠭ ᠢᠶᠠᠷ ᠪᠢᠴᠢᠭᠰᠡᠨ | ᠨᠡᠭᠦᠳᠡᠯ ᠪᠠᠭᠤᠳᠠᠯ ᠤᠨ ᠬᠡᠷᠡᠴᠢ ᠲᠡᠮᠳᠡᠭ ᠲᠠᠢ ᠰᠢᠪᠡᠭᠡ ᠦᠨᠳᠦᠰᠦᠳᠠᠨ ᠤ ᠡᠷᠦᠬᠡ ᠠᠶᠢᠯ ᠪᠤᠯᠵᠦ ᠰᠠᠭᠤᠭᠰᠠᠨ ᠠᠴᠠ | ᠲᠤᠰ ᠨᠡᠷ᠎ᠡ ᠪᠤᠢ ᠪᠤᠯᠪᠠ᠃ ᠲᠠᠯ᠎ᠠ ᠶᠢᠨ ᠪᠠᠶᠢᠰᠢᠩ — ᠲᠠᠯ᠎ᠠ ᠳᠤ ᠬᠡᠷ ᠪᠠᠷᠢᠵᠦ ᠰᠠᠭᠤᠭᠰᠠᠨ ᠠᠴᠠ ᠲᠤᠰ ᠨᠡᠷ᠎ᠡ | ᠡᠭᠦᠰᠪᠡ᠃ ᠶᠤᠸᠠᠨᠪᠤᠳᠦ — ᠶᠤᠸᠠᠨᠪᠤ ᠰᠢᠭ᠋ ᠲᠦᠷᠰᠦ ᠲᠠᠢ ᠠᠭᠤᠯᠠ ᠶᠢᠨ ᠲᠡᠷᠬᠡᠳᠡ ᠠᠶᠢᠯ ᠪᠤᠯᠵᠦ | ᠰᠠᠭᠤᠭᠰᠠᠨ ᠠᠴᠠ ᠲᠤᠰ ᠨᠠᠷᠠ ᠪᠤᠢ ᠪᠤᠯᠤᠭᠰᠠᠨ ᠪᠠᠶᠢᠨ᠎ᠠ᠃ ᠬᠤᠶᠢᠳᠦ ᠶᠤᠸᠠᠨᠪᠤᠳᠦ ᠨᠢ ᠰᠢᠷᠡᠬᠡᠳᠦ ᠭᠦᠷᠢᠶ᠎ᠡ | ᠬᠤᠰᠢᠭᠤᠨ ᠳᠤ ᠬᠠᠷᠢᠶᠠᠯᠠᠭᠳᠠᠨ᠂ ᠡᠮᠦᠨ᠎ᠡ ᠶᠤᠸᠠᠨᠪᠤᠳᠦ ᠨᠢ ᠰᠢᠨ᠎ᠡ ᠰᠦᠷᠦᠭ ᠬᠤᠰᠢᠭᠤᠨ ᠳᠤ ᠬᠠᠷᠢᠶᠠᠯᠠᠭᠳᠠᠵᠦ | ᠪᠠᠶᠢᠪᠠ᠃ ᠲᠤᠤᠷ᠎ᠠ ᠰᠢᠪᠡᠭᠡ — ᠤᠤᠯ ᠨᠡᠷ᠎ᠡ ᠨᠢ ᠰᠢᠪᠡᠬᠡᠳᠦ᠃ ᠠᠶᠢᠯ ᠪᠤᠯᠵᠦ ᠰᠠᠭᠤᠭᠰᠠᠨ ᠨᠢ ᠰᠢᠪᠡᠭᠡ | ᠦᠨᠳᠦᠰᠦᠳᠠᠨ᠂ ᠤᠳᠦ ᠪᠤᠰᠤᠳ ᠰᠢᠪᠡᠭᠡ ᠠᠶᠢᠯ ᠠᠴᠠ ᠢᠯᠭᠠᠬᠤ ᠶᠢᠨ ᠲᠦᠯᠦᠬᠡ ᠲᠤᠤᠷ᠎ᠠ ᠰᠢᠪᠡᠭᠡ ᠬᠡᠵᠡᠢ᠃ | ᠲᠠᠪᠤᠨ ᠬᠡᠷ — ᠠᠶᠢᠯ ᠪᠤᠯᠬᠤ ᠦᠶᠡᠰ ᠲᠠᠪᠤᠬᠠᠨ ᠬᠡᠷ ᠡᠷᠦᠬᠡ ᠲᠤᠯᠠ ᠲᠠᠪᠤᠨ ᠬᠡᠷ ᠬᠡᠵᠦ ᠲᠡᠮᠳᠡᠭᠯᠡᠪᠡ᠃ | ᠴᠢᠯᠠᠭᠤᠨ ᠬᠤᠳᠳᠤᠭ — ᠴᠢᠯᠠᠭᠤ ᠪᠠᠷ ᠦᠷᠦᠭᠰᠡᠨ ᠬᠤᠳᠳᠤᠭ ᠲᠠᠢ ᠠᠶᠢᠯ ᠪᠤᠶᠦ ᠬᠤᠳᠳᠤᠭ ᠤᠨ ᠬᠢᠨᠢ | ᠲᠡᠷᠬᠡᠳᠠ ᠴᠢᠯᠠᠭᠤᠨ ᠫᠠᠶᠢᠰᠠ ᠲᠠᠢ ᠠᠶᠢᠯ᠃ ᠬᠠᠳᠠᠭᠤ — ᠪᠦᠭᠦᠯᠢ ᠨᠠᠷᠠ ᠨᠢ ᠬᠠᠳᠠᠭᠤ ᠤᠯᠤᠮ᠃ ᠭᠤᠤᠯ | ᠬᠡᠳᠦᠯᠭᠦ ᠤᠯᠤᠮ ᠨᠨᠢ ᠬᠠᠳᠠᠭᠤ ᠤᠴᠢᠷ ᠠᠴᠠ ᠲᠤᠰ ᠭᠠᠵᠠᠷ ᠰᠠᠭᠤᠭᠰᠠᠨ ᠠᠶᠢᠯ ᠢ ᠬᠠᠳᠠᠭᠤ ᠤᠯᠤᠮ ᠬᠡᠵᠦ ᠨᠡᠷᠡᠯᠡᠪᠡ | ᠃ ᠭᠦᠷᠢᠶᠡᠨ ᠭᠤᠤ — ᠭᠦᠷᠢᠶ᠎ᠡ ᠪᠠᠯᠭᠠᠰᠦ ᠶᠢᠨ ᠲᠤᠮᠳᠠᠭᠤᠷ ᠤᠷᠤᠰᠬᠤ ᠭᠤᠤᠯ ᠤᠨ ᠡᠷᠬᠢ ᠶᠢ ᠲᠠᠭᠠᠵᠦ | ᠰᠠᠭᠤᠭᠰᠠᠨ ᠠᠶᠢᠯ᠃ ᠵᠤᠤᠬᠠᠴᠢᠨ — ᠰᠦᠮ᠎ᠡ ᠬᠡᠶᠢᠳ ᠢ ᠪᠠᠶᠢᠭᠤᠯᠬᠤ ᠳᠤ ᠢᠷᠡᠵᠦ᠂ ᠭᠠᠯ ᠲᠤᠭᠤᠭᠠᠨ ᠤ ᠠᠵᠢᠯ | ᠬᠢᠭᠰᠡᠨ ᠠᠷᠠᠳ ᠴᠤᠭᠯᠠᠷᠠᠨ ᠰᠠᠭᠤᠭᠰᠠᠨ ᠠᠴᠠ ᠲᠤᠰ ᠨᠠᠷᠠ ᠡᠭᠦᠰᠴᠠᠢ᠃ ᠨᠠᠷᠢᠠᠭᠤᠤᠯ — ᠨᠠᠷᠢᠨ ᠭᠤᠤᠯ ᠢ | ᠲᠠᠭᠠᠵᠦ ᠰᠠᠭᠤᠭᠰᠠᠨ ᠠᠶᠢᠯ ᠲᠤᠰᠬᠤᠨ᠃ ᠨᠤᠬᠠᠢ ᠪᠠᠶᠢᠰᠢᠩ ︵ᠵᠡᠭᠦᠨ︶ — ᠠᠶᠢᠯ ᠪᠤᠯᠵᠦ ᠰᠠᠭᠤᠬᠤ | ᠦᠶ᠎ᠡ ᠳᠤ ᠲᠤᠰ ᠠᠶᠢᠯ ᠤᠨ ᠬᠠᠷᠢᠶ᠎ᠠ ᠭᠠᠵᠠᠷ ᠬᠡᠬᠡᠷ᠎ᠡ ᠶᠢᠨ ᠨᠤᠬᠠᠢ ᠡᠭᠦᠷᠯᠡᠵᠦ ᠪᠠᠶᠢᠭᠰᠠᠨ ᠤᠴᠢᠷ ᠲᠠᠢ᠃ | ᠡᠶᠢᠮᠦ ᠠᠴᠠ ᠨᠤᠬᠠᠢ ᠪᠠᠶᠢᠰᠢᠩ ᠬᠡᠰᠡᠨ ᠨᠡᠷ᠎ᠡ ᠲᠠᠢ ᠪᠤᠯᠪᠠ᠃ ᠴᠠᠭᠠᠨ ᠴᠢᠯᠠᠭᠤᠳᠠᠢ — ᠠᠶᠢᠯ ᠤᠨ ᠠᠷᠦ ᠳᠠᠬᠢ | ᠴᠠᠭᠠᠨ ᠴᠢᠯᠠᠭᠤ ᠶᠢᠨ ᠠᠭᠤᠯᠠ ᠠᠴᠠ ᠢᠷᠡᠯᠳᠠᠢ᠃ ᠰᠦᠰᠦ — ᠠᠶᠢᠯ ᠤᠨ ᠵᠡᠭᠦᠨ ᠡᠮᠦᠨ᠎ᠡ ᠨᠢ ᠨᠢᠬᠡ | ᠠᠪᠠᠭ᠎ᠠ ᠶᠢᠨ ᠠᠭᠤᠯᠠ ᠲᠠᠢ᠂ ᠠᠭᠤᠯᠠ ᠲᠡᠬᠡᠷ᠎ᠡ ᠨᠢ ᠮᠢᠩᠭᠠᠨ ᠤᠨ ᠤ ᠠᠭᠤᠢ ᠲᠠᠢ ᠪᠠᠶᠢᠳᠠᠭ᠃ ᠠᠭᠤᠢ | ᠲᠤᠳᠤᠷ᠎ᠠ ᠨᠢ ᠨᠢᠬᠡ ᠯᠠᠮᠠ ᠤᠳᠠᠭᠠᠨ ᠵᠢᠯ ᠪᠢᠰᠢᠯᠭᠠᠯ ᠬᠢᠭᠰᠡᠨ ᠠᠴᠠ ︽ᠰᠦᠰᠦ ᠲᠠᠢ ᠯᠠᠮᠠ︾ ᠬᠡᠮᠡᠨ ᠴᠤᠤ ᠭᠠᠷᠴᠦ | ᠂ ᠯᠠᠮᠠ ᠶᠢᠨ ᠰᠠᠭᠤᠭᠰᠠᠨ ᠠᠶᠢᠯ ᠢ ᠰᠦᠰᠦ ᠬᠡᠮᠡᠨ ᠨᠡᠷᠡᠯᠡᠪᠡ ᠬᠡᠳᠡᠭ᠃ ᠭᠦᠨᠳᠠᠢ — ᠠᠶᠢᠯ ᠤᠨ ᠡᠮᠦᠨ᠎ᠡ | ᠤᠷᠤᠰᠬᠤ ᠭᠦᠨᠳᠠᠢ ᠶᠢᠨ ᠭᠤᠤᠯ ᠨᠢ ᠡᠪᠤᠯ ᠭᠦᠯᠳᠡᠵᠦ᠂ ᠬᠠᠪᠤᠷ ᠬᠠᠶᠢᠯᠬᠤ ᠦᠶᠡᠰ ᠮᠦᠰᠦ ᠰᠢᠷᠤᠢ ᠶᠢᠨ ᠭᠦᠨᠳᠠᠢ | ᠭᠠᠷᠴᠦ ᠨᠢᠬᠡᠨ ᠤᠨᠴᠠᠯᠢᠭ ᠪᠤᠯᠳᠠᠭ ᠪᠠᠶᠢᠪᠠ᠃ ᠡᠨᠡ ᠭᠦ ᠭᠦᠨᠳᠠᠢ ᠲᠠᠢ ᠭᠤᠤᠯ ᠢ ᠲᠠᠭᠠᠵᠦ ᠰᠠᠭᠤᠭᠰᠠᠨ ᠠᠶᠢᠯ ᠢ | ᠭᠦᠨᠳᠠᠢ ᠶᠢᠨ ᠠᠶᠢᠯ ᠬᠡᠳᠡᠭ᠃ ᠫᠠᠶᠢᠯᠤᠷ — ᠰᠢᠷᠡᠬᠡᠳᠦ ᠭᠦᠷᠢᠶ᠎ᠡ ᠬᠤᠰᠢᠭᠤ ᠶᠢ ᠡᠬᠢᠯᠡᠨ ᠪᠠᠶᠢᠭᠤᠯᠬᠤ ᠦᠶᠡᠰ᠂ | ᠠᠳᠠ ᠨᠢᠬᠡᠨ ᠲᠦᠪᠡᠳ ᠦᠰᠦᠭ ᠢᠶᠠᠷ ᠪᠢᠴᠢᠭᠰᠡᠨ ᠵᠠᠬ᠎ᠠ ᠬᠢᠵᠠᠭᠠᠷ ᠤᠨ ᠪᠠᠶᠢᠷᠢᠰᠢᠯ ᠢ ᠢᠯᠡᠳᠬᠡᠭᠦ ᠲᠤᠮᠤ ᠴᠢᠯᠠᠭᠤᠨ | ᠫᠠᠶᠢᠰᠠ ᠪᠤᠰᠬᠠᠯ᠎ᠠ ᠬᠡᠳᠡᠭ᠂ ᠠᠶᠢᠯ ᠤᠨ ᠨᠡᠷ᠎ᠡ ᠨᠢ ᠡᠭᠦᠨ ᠠᠴᠠ ᠢᠷᠡᠯᠳᠠᠢ᠃ ᠲᠦᠩᠰᠢ — ᠤᠷᠴᠢᠭᠤᠯᠤᠭᠴᠢ | ᠬᠡᠰᠡᠨ ᠲᠦᠪᠡᠳ ᠦᠬᠡ ᠬᠡᠨ᠎ᠡ᠃ ᠮᠠᠯᠴᠢᠨ — ᠮᠠᠯ ᠬᠠᠷᠢᠭᠤᠯᠵᠦ ᠪᠠᠶᠢᠭᠰᠠᠨ ᠭᠦᠮᠦᠨ ᠠᠶᠢᠯ ᠪᠤᠯᠵᠦ | ᠰᠠᠭᠤᠭᠰᠠᠨ ᠠᠴᠠ ᠮᠠᠯᠴᠢᠨ ᠠᠶᠢᠯ ᠪᠤᠯᠪᠠ᠃ ᠬᠡᠰᠭᠦᠢ — ᠬᠡᠰᠭᠦᠢ ᠴᠤᠯᠠ ᠲᠠᠢ ᠯᠠᠮᠠ ᠰᠠᠭᠤᠭᠰᠠᠨ ᠠᠴᠠ | ᠬᠡᠰᠭᠦᠢ ᠶᠢᠨ ᠠᠶᠢᠯ ᠪᠤᠢ ᠪᠤᠯᠪᠠ᠃ |