ᠴᠠᠭᠠᠰᠤᠨ ᠬᠠᠶᠢᠴᠢᠯᠠᠮᠠᠯ
ᠨᠡᠶᠢᠲᠡᠯᠡᠭᠰᠡᠨ ᠴᠠᠭ᠄
2024/4/17
   ᠴᠠᠭᠠᠰᠤᠨ ᠬᠠᠶᠢᠴᠢᠯᠠᠮᠠᠯ ᠤᠷᠠᠯᠢᠭ ᠬᠡᠭᠴᠢ ︽ᠰᠤᠷᠬᠤ ᠳᠤ ᠬᠢᠯᠪᠡᠷ︾᠂ ︽ᠴᠠᠭᠠᠷᠠᠬᠤ ᠳᠤ ᠭᠦᠴᠢᠷ︾᠂ ︽ᠰᠢᠯᠢᠳᠡᠭᠵᠢᠭᠦ ᠳᠤ ᠪᠡᠷᠬᠡ︾ ᠨᠢᠬᠡ ᠵᠦᠢᠯ ᠤᠨ ᠠᠷᠠᠳ ᠤᠨ ᠤᠯᠠᠮᠵᠢᠯᠠᠯᠳᠦ ᠤᠷᠠᠯᠢᠭ ᠶᠤᠮ᠃ ᠲᠡᠭᠦᠨ ᠤ ᠠᠭᠤᠯᠭ᠎ᠠ ᠠᠭᠤᠯᠬᠤᠨ ᠨᠢ ᠪᠦᠷ ᠠᠷᠠᠳ ᠤᠨ ᠤᠯᠠᠮᠵᠢᠯᠠᠯᠳᠦ ᠤᠷᠠᠯᠢᠭ ᠶᠤᠮ᠃ ᠲᠡᠭᠦᠨ ᠤ ᠠᠭᠤᠯᠭ᠎ᠠ ᠠᠭᠤᠯᠬᠤᠨ ᠨᠢ ᠪᠦᠷ ᠠᠷᠠᠳ ᠤᠨ ᠠᠮᠢᠳᠤᠷᠠᠯ ᠲᠤᠮᠳᠠᠬᠢ ᠪᠤᠳᠠᠳᠠᠢ ᠵᠦᠢᠯᠡᠰ ᠠᠴᠠ ᠰᠡᠳᠦᠪᠯᠡᠨ᠂ ᠪᠤᠳᠠᠳᠠᠢ ᠪᠤᠳᠠᠰ ᠤᠨ ᠲᠠᠨᠢᠯᠳᠠ ᠳᠤ ᠲᠦᠰᠢᠭᠯᠡᠨ ᠡᠬᠡᠯ ᠪᠤᠷᠤᠭᠵᠢᠭᠤᠨ ᠰᠠᠨᠠᠭ᠎ᠠ ᠰᠡᠳᠬᠢᠯᠬᠡ ᠪᠤᠯᠤᠨ ᠰᠢᠭᠤᠳ ᠰᠡᠷᠡᠯ ᠤᠨ ᠰᠠᠭᠤᠭᠳᠠᠯ ᠢ ᠤᠶᠠᠰᠬᠠᠨ ᠰᠠᠭᠤᠷᠢᠯᠠᠭᠤᠯᠵᠦ᠂ ᠪᠤᠷᠤᠭᠵᠢᠭᠤᠨ᠂ ᠦᠨᠡᠨᠴᠢ᠂ ᠲᠦᠭᠦᠮᠬᠡᠨ᠂ ᠲᠤᠳᠤᠷᠬᠠᠢ ᠵᠡᠷᠬᠡ ᠤᠨᠴᠠᠯᠢᠭ ᠰᠢᠨᠵᠢ ᠢ ᠢᠯᠡᠷᠡᠭᠦᠯᠦᠨ ᠭᠠᠷᠭᠠᠳᠠᠭ᠃ ᠴᠠᠭᠠᠰᠤᠨ ᠬᠠᠶᠢᠴᠢᠯᠠᠮᠠᠯ ᠨᠢ ᠴᠠᠭᠠᠰᠤᠨ ᠤ ᠶᠡᠭᠡ ᠪᠠᠭ᠎ᠠ ᠪᠠᠭᠳᠠᠭᠠᠮᠵᠢ ᠶᠢᠨ ᠬᠢᠵᠠᠭᠠᠷᠯᠠᠯ ᠠᠴᠠ ᠪᠤᠯᠵᠦ᠂ ᠭᠦᠷᠦᠭ ᠲᠦᠷᠰᠦ ᠶᠢ ᠴᠠᠭᠠᠰᠤᠨ ᠲᠡᠬᠡᠷ᠎ᠡ ᠵᠢᠷᠤᠵᠦ ᠲᠦᠯᠦᠪᠯᠡᠭᠦ ᠳᠡᠭᠡᠨ ᠵᠠᠪᠠᠯ ᠭᠦᠷᠦᠭ ᠲᠦᠷᠰᠦ ᠶᠢᠨ ᠤᠨᠴᠠᠯᠢᠭ ᠢ ᠠᠳᠬᠤᠬᠤ ᠮᠦᠷᠳᠡᠬᠡᠨ ᠡᠯ᠎ᠡ ᠵᠢᠷᠤᠭᠠᠰᠦ ᠠᠷ ᠤᠨ ᠬᠤᠯᠪᠤᠭᠳᠠᠬᠤ ᠨᠢ ᠡᠪᠳᠡᠢ ᠵᠦᠢᠳᠠᠢ ᠪᠠᠶᠢᠬᠤ ᠶᠢ ᠱᠠᠭᠠᠷᠳᠠᠳᠠᠭ᠃ ᠴᠠᠭᠠᠰᠤᠨ ᠬᠠᠶᠢᠴᠢᠯᠠᠮᠠᠯ ᠳᠤ ᠤᠯᠠᠩᠬᠢ ᠳᠠᠭᠠᠨ ᠬᠡᠪ ᠪᠠᠶᠢᠳᠠᠯ ᠨᠢ ᠬᠠᠴᠢᠨ ᠰᠤᠨᠢᠨ ᠲᠦᠷᠢ ᠲᠦᠷᠰᠦ ᠶᠢ ᠪᠦᠳᠦᠬᠡᠵᠦ᠂ ᠲᠤᠮᠢᠶᠠᠴᠢᠯᠠᠭᠰᠠᠨ ᠠᠷᠭ᠎ᠠ ᠬᠡᠯᠪᠡᠷᠢ ᠪᠠᠷ ᠬᠡᠷᠡᠭ ᠪᠤᠳᠠᠰ ᠤᠨ ᠦᠵᠡᠭᠳᠡᠯ ᠤᠨ ᠡᠯ᠎ᠡ ᠪᠦᠳᠦᠴᠡ ᠶᠢ ᠢᠯᠡᠷᠡᠭᠦᠯᠦᠨ᠂ ᠠᠮᠢᠵᠢᠷᠠᠯ ᠤᠨ ᠭᠦᠴᠦᠨ ᠢ ᠪᠢᠯᠬᠠᠮ᠎ᠠ ᠪᠤᠯᠭᠠᠳᠠᠭ᠃ ᠡᠭᠦᠨ ᠠᠴᠠ ᠭᠠᠳᠠᠨ᠎ᠠ ᠲᠤᠯᠤᠭᠠᠢ ᠶᠢᠨ ᠵᠠᠰᠠᠯ  ᠤᠨ ᠰᠤᠪᠤᠳ ᠲᠠᠨ᠎ᠠ᠂ ᠠᠮᠢᠳᠠᠨ ᠤ ᠭᠦᠯ᠂ ᠮᠤᠳᠤᠨ ᠨᠠᠪᠴᠢ᠂ ᠬᠢᠷᠦᠬᠡᠨ ᠰᠢᠳᠦᠨ ᠠᠷ ᠵᠡᠷᠬᠡ ᠪᠠᠷ ᠠᠷᠢᠶᠠᠳᠠᠨ ᠵᠢᠭᠦᠷᠳᠡᠨ ᠤ ᠦᠰᠦ ᠪᠠ ᠦᠳᠦ ᠰᠤᠳᠦ᠂ ᠬᠤᠪᠴᠠᠰᠦ ᠬᠤᠨᠠᠷ ᠤᠨ ᠠᠳᠤᠷᠢᠶ᠎ᠠ ᠬᠤᠨᠢᠶᠠᠰᠦ ᠶᠢ ᠲᠦᠯᠦᠬᠡᠯᠡᠨ ᠭᠠᠷᠭᠠᠳᠠᠭ᠃ ᠴᠠᠭᠠᠰᠤᠨ ᠬᠠᠶᠢᠴᠢᠯᠠᠮᠠᠯ ᠤᠨ ᠡᠯ᠎ᠡ ᠬᠡᠰᠡᠭ ᠤᠨ ᠪᠠᠶᠢᠷᠢᠯᠠᠭᠤᠯᠤᠯᠳᠠ ᠳᠤ᠂ ᠲᠤᠳᠤᠷᠠᠭᠤᠯᠤᠨ ᠢᠯᠡᠷᠡᠭᠦᠯᠭᠦ ᠠᠷᠭ᠎ᠠ ᠪᠠᠷ ᠶᠡᠭᠡ ᠪᠠᠭ᠎ᠠ ᠲᠦᠷᠰᠦ ᠶᠢ ᠲᠤᠬᠤᠨ ᠲᠠᠪᠬᠤᠷᠯᠠᠵᠦ᠂ ᠶᠡᠭᠡ ᠪᠠᠭ᠎ᠠ ᠠᠮᠢᠳᠠᠨ ᠤ ᠵᠢᠷᠤᠭ ᠲᠦᠷᠰᠦ ᠶᠢ ᠪᠦᠳᠦᠬᠡᠳᠡᠭ᠃ ᠶᠡᠷᠦᠩᠬᠡᠶᠢᠯᠡᠪᠡᠯ᠂ ᠴᠠᠭᠠᠰᠤᠨ ᠬᠠᠶᠢᠴᠢᠯᠠᠮᠠᠯ ᠤᠨ ᠮᠠᠰᠢ ᠤᠯᠠᠨ ᠤᠨᠴᠠᠯᠢᠭ ᠪᠠ ᠬᠡᠪ ᠨᠠᠮᠪᠠ ᠨᠢ ᠪᠦᠷ ᠬᠠᠶᠢᠴᠢ ᠪᠤᠶᠦ ᠰᠠᠶᠢᠯᠭᠦ ᠬᠢᠳᠤᠭ᠎ᠠ ᠬᠡᠷᠡᠭᠯᠡᠭᠦ ᠤᠷ᠎ᠠ ᠮᠡᠷᠬᠡᠵᠢᠯ ᠠᠴᠠ ᠡᠭᠦᠰᠦᠭᠰᠡᠨ ᠶᠤᠮ᠃ ᠬᠠᠶᠢᠴᠢ ᠬᠡᠷᠡᠭᠯᠡᠭᠦ ᠳᠡᠭᠡᠨ ᠯᠠᠪᠳᠠᠭᠤᠨ᠂ ᠤᠨᠤᠪᠴᠢᠳᠠᠢ᠂ ᠤᠷᠠᠨ ᠲᠠᠮᠳᠠᠢ ᠪᠠᠶᠢᠬᠤ ᠬᠡᠷᠡᠭᠳᠡᠢ᠃ ᠬᠡᠷᠴᠢᠭᠦ ᠦᠶᠡᠰ ᠲᠤ ᠵᠠᠪᠠᠯ ᠡᠷᠡᠰ ᠬᠡᠷᠴᠢᠭᠦ ᠬᠡᠷᠡᠭᠳᠡᠢ᠂ ᠵᠢᠷᠤᠵᠦ ᠪᠤᠯᠬᠤ ᠦᠬᠡᠢ᠃ ᠵᠠᠪᠠᠯ ᠲᠡᠬᠡᠷ᠎ᠡ ᠠᠴᠠ ᠲᠤᠷᠤᠭᠰᠢ ᠬᠡᠷᠴᠢᠨ᠎ᠡ᠃ ᠭᠠᠷ ᠲᠠᠭᠠᠨ ᠤᠭᠵᠤᠮ ᠢᠳᠠ ᠭᠦᠴᠦ ᠭᠦᠶᠦᠯᠬᠡᠵᠦ᠂ ᠵᠢᠭᠳᠡ ᠬᠡᠷᠴᠢᠨ᠎ᠠ᠃ ᠤᠭᠵᠤᠮ ᠭᠦᠴᠦ ᠭᠦᠶᠦᠯᠬᠡᠭᠦ ᠦᠬᠡᠢ ᠪᠤᠯ ᠬᠠᠶᠢᠴᠢ ᠪᠤᠶᠦ ᠬᠢᠳᠤᠭ᠎ᠠ ᠤᠶᠠᠨ ᠬᠠᠳᠠᠨ ᠴᠢᠨᠠᠷ ᠢᠶᠠᠨ ᠠᠯᠳᠠᠵᠦ᠂ ᠬᠠᠶᠢᠴᠢᠯᠠᠮᠠᠯ ᠤᠨ ᠴᠢᠨᠰᠠᠭ᠎ᠠ ᠶᠢ ᠪᠠᠭᠤᠷᠠᠭᠤᠯᠵᠦ ᠮᠡᠳᠡᠭᠦ ᠶᠤᠮ᠃ ᠬᠢᠳᠤᠭ᠎ᠠ ᠶᠢ ᠵᠡᠭᠦᠨᠰᠢ ᠪᠠᠷᠠᠭᠤᠨᠰᠢ ᠭᠦᠳᠡᠯᠬᠡᠵᠦ ᠪᠤᠯᠬᠤ ᠦᠬᠡᠢ᠂ ᠬᠢᠳᠤᠭ᠎ᠠ ᠶᠢ ᠠᠳᠬᠤᠬᠤ ᠳᠠᠭᠠᠨ ᠵᠠᠪᠠᠯ ᠡᠭᠴᠡ ᠠᠰᠬᠠᠨ ᠪᠠᠶᠢᠯᠭᠠᠪᠠᠯ ᠰᠠᠶ᠋ᠢ ᠬᠡᠷᠴᠢᠵᠦ ᠭᠠᠷᠭᠠᠭᠰᠠᠨ ᠴᠠᠭᠠᠰᠤᠨ ᠬᠠᠶᠢᠴᠢᠯᠠᠮᠠᠯ ᠨᠢ ᠤᠨᠤᠪᠴᠢᠳᠠᠢ ᠪᠠᠶᠢᠳᠠᠭ᠃ ᠭᠦᠷᠢᠶ᠎ᠡ ᠨᠤᠳᠤᠭ ᠶᠢ ᠾᠧ ᠰᠢᠦ ᠶᠢᠩ ᠨᠠᠰᠤᠳᠠᠨ ᠢᠶᠠᠷ ᠲᠦᠯᠦᠬᠡᠯᠡᠭᠦᠯᠦᠭᠰᠡᠨ ᠨᠢᠬᠡ ᠪᠦᠯᠦᠭ ᠭᠦᠮᠦᠰ ᠭᠠᠷ ᠤᠨ ᠤᠷᠠᠨ ᠢᠶᠠᠷ ᠢᠶᠠᠨ ᠭᠠᠶᠢᠬᠠᠯᠳᠠᠢ ᠰᠠᠶᠢᠬᠠᠨ ᠪᠦᠳᠦᠬᠡᠯ ᠬᠠᠶᠢᠴᠢᠯᠠᠭᠰᠠᠭᠠᠷ ᠪᠤᠢ᠃ ᠲᠡᠳᠡᠨ ᠤ ᠪᠦᠳᠦᠬᠡᠯ ᠢ ᠭᠦᠮᠦᠰ ︽ᠰᠠᠷᠠᠨ ᠤ ᠮᠦᠰᠢᠶᠡᠳᠦ ᠲᠠᠢ᠂ ᠤᠷᠭᠤᠮᠠᠯ ᠤᠨ ᠦᠨᠦᠷ ᠲᠠᠢ᠂ ᠠᠯᠮᠠᠰ ᠤᠨ ᠰᠢᠨᠵᠢ ᠲᠠᠢ᠂ ᠠᠬᠳᠠ ᠶᠢᠨ ᠲᠦᠪᠡᠷᠬᠡᠨ  ᠲᠠᠢ᠂ ᠠᠮᠢᠳᠤᠷᠠᠯ ᠤᠨ ᠢᠯᠴᠢ ᠲᠠᠢ︾ ᠬᠡᠳᠡᠭ ᠪᠢᠯᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号