ᠢᠮᠠᠭ᠎ᠠ ᠪᠤᠯᠪᠠᠰᠤ ᠠᠳᠠᠷ ᠲᠠᠯ᠎ᠠ᠂ ᠵᠤ ᠰᠢᠯᠢ᠂ ᠠᠭᠤᠯᠠ ᠭᠠᠩᠭ᠎ᠠ ᠪᠠᠷ᠂ ᠲᠤᠷ᠎ᠠ ᠪᠠᠷ ᠢᠶᠠᠨ ᠭᠤᠳᠤᠭᠠᠨᠠᠨ | ᠶᠠᠪᠤᠵᠦ ᠬᠢᠶᠠᠭ᠂ ᠬᠢᠯᠭᠠᠨ᠎ᠠ᠂ ᠮᠠᠩᠭᠢᠷ᠂ ᠲᠠᠭᠠᠨ᠎ᠠ᠂ ᠪᠤᠷᠤᠯᠵᠢ᠂ ᠵᠡᠬᠡᠷᠬᠡᠨ᠎ᠡ᠂ ᠠᠬᠢ᠂ ᠰᠢᠷᠠᠯᠵᠢ᠂ ᠡᠪᠡᠰᠦᠨ | ᠦᠨᠳᠦᠰᠦ ᠵᠡᠷᠬᠡ ᠶᠢ ᠮᠠᠯᠳᠠᠯᠠᠨ ᠢᠳᠡᠳᠡᠭ ᠪᠤᠯᠪᠠᠴᠦ ᠤᠰᠤ ᠪᠠᠭ᠎ᠠ ᠤᠤᠭᠤᠳᠠᠭ ᠲᠤᠯᠠ ᠰᠦᠨ ᠢᠨᠦ ᠰᠢᠩᠬᠡᠨ | ᠴᠡᠩᠬᠡᠷᠯᠢᠭ ᠦᠩᠬᠡ ᠲᠠᠢ᠂ ᠲᠤᠭᠰᠢᠨ ᠴᠢᠨᠠᠷᠳᠠᠢ ᠪᠤᠯᠠᠢ᠃ ᠢᠮᠠᠭᠠᠨ ᠰᠦᠨ ᠤ ᠲᠤᠰᠤᠯᠢᠭ ᠤᠨ ᠬᠡᠮᠵᠢᠶ᠎ᠡ ᠬᠢᠬᠡᠳ | ᠤᠭᠤᠷᠠᠭ ᠤᠨ ᠬᠡᠮᠵᠢᠶ᠎ᠡ ᠢᠨᠦ ᠦᠨᠢᠶᠡᠨ ᠰᠦᠨ ᠠᠴᠠ ᠪᠠᠭ᠎ᠠ ᠪᠠᠶᠢᠳᠠᠭ ᠲᠤᠯᠠ ᠠᠶᠢᠷᠠᠭ ᠲᠠᠷᠠᠭ ᠢᠰᠬᠡᠭᠦ ᠶᠢᠨ ᠰᠠᠶᠢᠨ | ᠡᠬᠢ ᠮᠠᠲ᠋ᠧᠷᠢᠶᠠᠯ ᠪᠤᠯᠳᠠᠭ ᠠᠵᠠᠢ᠃ ᠵᠢᠴᠢ ᠬᠤᠨᠢᠨ ᠰᠦᠨ ᠲᠠᠢ ᠠᠳᠠᠯᠢ ᠪᠢᠰᠢᠯᠠᠭ᠂ ᠴᠤᠷ᠎ᠠ᠂ ᠡᠬᠡᠵᠡᠬᠡᠢ᠂ ᠲᠠᠷᠠᠭ᠂ | ᠠᠶᠢᠷᠠᠭ ᠮᠠᠳᠦ ᠶᠢᠨ ᠢᠳᠡᠬᠡᠨ ᠤᠮᠳᠠᠭᠠᠨ ᠢ ᠪᠤᠯᠪᠠᠰᠤᠷᠠᠭᠤᠯᠵᠦ ᠪᠤᠯᠤᠮᠤᠢ᠃ ᠢᠮᠠᠭᠠᠨ ᠰᠦᠨ ᠢᠨᠦ ᠭᠦᠩᠬᠡᠨ᠂ | ᠰᠡᠷᠢᠭᠦᠨ ᠴᠢᠨᠠᠷᠳᠠᠢ ᠲᠤᠯᠠ ᠬᠢᠵᠢᠭ ᠡᠪᠡᠳᠴᠢᠨ᠂ ᠠᠮᠢᠰᠬᠤᠯ ᠲᠠᠪᠬᠤᠴᠠᠯᠳᠠ᠂ ᠴᠢᠰᠦᠨ ᠡᠪᠡᠳᠴᠢᠨ᠂ ᠰᠢᠷ᠎ᠠ ᠶᠢᠨ | ᠬᠠᠯᠠᠭᠤᠨ ᠳᠤᠷ ᠲᠤᠰᠠᠯᠠᠨ᠎ᠠ ᠬᠡᠮᠡᠨ ᠤᠤᠭᠤᠳᠠᠭ ᠪᠤᠯᠠᠢ᠃ ᠮᠦᠨ ︽ᠲᠠᠪᠤᠨ ᠴᠤᠯᠤ ᠶᠢ ᠰᠢᠮᠡᠵᠢᠭᠦᠯᠵᠦ᠂ ᠲᠠᠮᠢᠷ ᠢ | ᠲᠡᠵᠢᠬᠡᠨ᠂ ᠰᠢᠩᠬᠡᠨ ᠮᠦᠷ ᠦᠵᠡᠭᠦᠢ ᠳᠤᠷ ᠲᠤᠰᠠᠯᠠᠨ᠂ ᠬᠡᠢ ᠤᠭᠰᠢᠭᠤᠯᠤᠯᠳᠠ᠂ ᠬᠤᠳᠤᠭᠤᠳᠤᠨ ᠡᠪᠡᠳᠴᠢᠨ ᠪᠠ | ᠬᠠᠷ᠎ᠠ ᠪᠦᠬᠡᠷᠡᠨ ᠦᠷᠪᠢᠰᠦᠯ ᠢ ᠡᠮᠨᠡᠭᠦ ᠴᠢᠳᠠᠯ ᠲᠠᠢ︾ ᠬᠡᠮᠡᠨ ᠰᠢᠨᠵᠢᠯᠡᠭᠦᠢ ᠤᠬᠠᠭᠠᠨ ᠤ ᠮᠡᠳᠡᠯᠬᠡ ᠳᠤᠷ ᠶᠠᠷᠢᠵᠤᠬᠤᠢ᠃ | ︽ᠮᠤᠩᠭᠤᠯ ᠡᠮ ᠤᠨ ᠤᠶᠢᠯᠠᠯᠭ᠎ᠠ︾ ᠬᠡᠭᠦ ᠨᠤᠮ ᠳᠤᠷ ︽ᠢᠮᠠᠭᠠᠨ ᠰᠦᠨ᠂ ᠴᠢᠰᠦ ᠰᠢᠷ᠎ᠠ ᠶᠢᠨ ᠬᠠᠯᠠᠭᠤᠨ ᠢ | ᠠᠷᠢᠯᠭᠠᠬᠤ᠂ ᠠᠮᠢᠰᠬᠤᠯ ᠢ ᠠᠭᠤᠵᠢᠷᠠᠭᠤᠯᠬᠤ᠂ ᠤᠮᠳᠠ ᠲᠠᠷᠤᠬᠤ᠂ ᠬᠢᠵᠢᠭ ᠠᠨᠠᠭᠠᠬᠤ ᠴᠢᠳᠠᠯ ᠲᠠᠢ︾ ᠬᠡᠮᠡᠵᠤᠭᠦᠢ᠃ | ᠢᠮᠠᠭ᠎ᠠ ᠰᠠᠭᠠᠬᠤᠢ ᠬᠢᠬᠡᠳ ᠰᠦᠨ ᠢ ᠪᠤᠯᠪᠠᠰᠤᠷᠠᠭᠤᠯᠠᠬᠤᠢ ᠠᠨᠤ ᠬᠤᠨᠢ ᠰᠠᠭᠠᠬᠤᠢ ᠬᠢᠬᠡᠳ ᠰᠦᠨ | ᠪᠤᠯᠪᠠᠰᠤᠷᠠᠭᠤᠯᠬᠤᠢ ᠯᠤᠭ᠎ᠠ ᠠᠳᠠᠯᠢ ᠪᠤᠯᠠᠢ᠃ ᠡᠭᠦᠨ᠎ᠡ᠂ ᠬᠤᠨᠢᠨ ᠰᠦᠨ ᠤ ᠲᠤᠰᠤᠯᠢᠭ ᠠᠨᠤ ᠶᠡᠭᠡ᠂ ᠢᠰᠦᠯᠳᠠ | ᠢᠨᠦ ᠦᠨᠳᠦᠷ ᠪᠦᠬᠡᠳ ᠲᠦᠷᠬᠡᠨ ᠲᠤᠯᠠ ᠠᠶᠢᠷᠠᠭ ᠢᠰᠬᠡᠵᠦ ᠪᠤᠯᠳᠠᠭ ᠦᠬᠡᠢ ᠠᠵᠤᠭᠤ᠃ ᠠᠶᠢᠷᠠᠭ ᠲᠤᠷ ᠬᠤᠨᠢᠨ | ᠰᠦᠨ ᠨᠠᠮᠠᠪᠠᠰᠤ ᠠᠶᠢᠷᠠᠭ ᠡᠪᠳᠡᠷᠡᠴᠢᠬᠡᠳᠡᠭ ᠪᠤᠯᠠᠢ᠃ ᠬᠡᠳᠡᠯ᠎ᠡ ᠢᠮᠠᠭᠠᠨ ᠰᠦᠨ ᠤ ᠲᠤᠰᠤᠯᠢᠭ ᠤᠨ ᠬᠡᠮᠵᠢᠶ᠎ᠡ᠂ | ᠤᠭᠤᠷᠠᠭ ᠤᠨ ᠬᠡᠮᠵᠢᠶ᠎ᠡ ᠢᠨᠦ ᠪᠠᠭ᠎ᠠ ᠲᠤᠯᠠ ᠠᠶᠢᠷᠠᠭ ᠲᠠᠷᠠᠭ ᠢᠰᠬᠡᠭᠦᠢ ᠳᠤᠷ ᠰᠠᠶᠢᠨ ᠠᠵᠤᠭᠤ᠃ |