ᠨᠢᠯᠬ᠎ᠠ ᠬᠡᠦᠬᠡᠳ ᠲᠠᠢ ᠬᠤᠯᠪᠤᠭᠳᠠᠭᠰᠠᠨ ᠵᠠᠩ ᠦᠢᠯᠡ — ᠣᠢ ᠶᠢᠨ ᠪᠠᠶᠠᠷ
ᠨᠡᠶᠢᠲᠡᠯᠡᠭᠰᠡᠨ ᠴᠠᠭ᠄
2024/4/17
  ᠭᠦᠷᠢᠶ᠎ᠡ ᠨᠤᠳᠤᠭ ᠲᠤ ᠬᠡᠤᠬᠡᠳ ᠤᠨ ᠰᠠᠷ᠎ᠠ ᠲᠦᠭᠦᠷᠭᠦ ᠪᠠᠶᠠᠷ ᠠᠴᠠ ᠭᠠᠳᠠᠨ᠎ᠠ ᠤᠢ ᠲᠤᠯᠤᠭᠰᠠᠨ ︵ᠬᠡᠤᠬᠡᠳ ᠨᠢᠬᠡ ᠪᠦᠭᠦᠯᠢ ᠨᠠᠰᠤᠯᠠᠭᠰᠠᠨ︶ ᠪᠠᠶᠠᠷ ᠴᠦ ᠬᠢᠳᠡᠭ᠃ ᠡᠭᠦᠨ ᠳᠤ ᠤᠷᠤᠯᠴᠠᠬᠤ ᠭᠦᠮᠦᠰ ᠤᠯᠠᠨ ᠪᠢᠰᠢ᠂ ᠬᠡᠷ ᠵᠠᠭᠤᠷ᠎ᠠ ᠪᠠᠨ ᠪᠤᠶᠦ ᠬᠤᠶᠠᠷ ᠲᠠᠯ᠎ᠠ ᠶᠢᠨ ᠴᠢᠰᠦᠨ ᠲᠦᠷᠦᠯ ᠤᠳ ᠤᠷᠤᠯᠴᠠᠳᠠᠭ᠃ ᠤᠢ ᠶᠢᠨ ᠨᠠᠶᠢᠷ ᠲᠡᠬᠡᠷ᠎ᠡ ᠭᠦᠦ ᠪᠤᠯᠪᠠᠯ ᠡᠮᠦᠨ᠎ᠡ ᠨᠢ ᠰᠦᠬᠡ᠂ ᠬᠠᠳᠤᠭᠤᠷ᠂ ᠪᠢᠷ᠂ ᠴᠠᠭᠠᠰᠦ᠂ ᠵᠤᠭᠤᠰ ᠵᠡᠷᠬᠡ  ᠶᠢ ᠲᠠᠯᠪᠢᠵᠦ ᠰᠤᠩᠭᠤᠭᠤᠯᠳᠠᠭ᠃ ᠨᠢᠯᠬ᠎ᠠ ᠭᠦᠦ ᠭᠠᠷ ᠰᠤᠩᠭᠠᠨ᠂ ᠰᠦᠬᠡ ᠬᠠᠳᠤᠭᠤᠷ ᠢ ᠰᠤᠩᠭᠤᠪᠠᠯ ᠠᠵᠢᠯᠴᠢ ᠭᠦᠳᠡᠯᠮᠦᠷᠢᠴᠢ ᠶᠢ ᠢᠯᠡᠳᠬᠡᠨ᠂ ᠪᠢᠷ ᠴᠠᠭᠠᠰᠦ ᠶᠢ ᠴᠢᠩᠭᠠᠭᠠᠪᠠᠯ ᠪᠢᠴᠢᠭ ᠰᠤᠶᠤᠯ ᠲᠠᠢ ᠡᠷᠳᠡᠮᠳᠡᠨ ᠪᠤᠯᠬᠤ᠂ ᠵᠤᠭᠤᠰ ᠢ ᠪᠠᠷᠢᠪᠠᠯ ᠬᠤᠵᠢᠮ ᠶᠡᠭᠡ ᠮᠦᠩᠭᠦ ᠲᠠᠢ ᠭᠦᠮᠦᠨ ᠪᠤᠯᠤᠨ᠎ᠠ ᠬᠡᠵᠦ ᠪᠡᠯᠬᠡᠰᠢᠶᠠᠳᠡᠭ᠃ ᠬᠡᠤᠬᠡᠨ ᠤ ᠡᠮᠦᠨ᠎ᠡ ᠬᠤᠸᠠᠷ ᠴᠡᠴᠡᠭ᠂ ᠵᠠᠰᠠᠯ ᠵᠢᠮᠰᠡᠭ᠂ ᠪᠢᠷ ᠴᠠᠭᠠᠰᠦ᠂ ᠬᠤᠷᠤᠭᠤᠪᠴᠢ ᠵᠡᠷᠬᠡ ᠶᠢ ᠲᠠᠯᠪᠢᠳᠠᠭ᠃ ᠵᠠᠰᠠᠯ ᠴᠢᠮᠡᠭ ᠤᠨ ᠵᠦᠢᠯ ᠢ ᠰᠤᠩᠭᠤᠪᠠᠯ ᠴᠡᠪᠡᠷ ᠴᠡᠮᠴᠡᠬᠡᠷ᠂ ᠤᠷᠠᠨ ᠦᠬᠢᠨ ᠪᠤᠯᠤᠨ᠎ᠠ ᠬᠡᠵᠦ᠂ ᠵᠡᠭᠦᠦ ᠤᠳᠠᠰᠦ ᠬᠤᠷᠤᠭᠤᠪᠴᠢ ᠰᠤᠩᠭᠤᠪᠠᠯ ᠦᠢᠯᠡ ᠤᠳᠠᠰᠤᠨ ᠳᠠᠭᠠᠨ ᠰᠠᠶᠢᠨ ᠤᠶᠤᠳᠠᠯᠴᠢᠨ ᠪᠤᠯᠬᠤ ᠵᠡᠷᠬᠡ ᠪᠠᠷ ᠪᠡᠯᠬᠡᠰᠢᠶᠡᠬᠡᠳ ᠨᠠᠶᠢᠷ ᠢᠶᠠᠨ ᠦᠨᠳᠦᠷᠯᠡᠭᠦᠯᠳᠡᠭ᠃ ᠬᠡᠤᠬᠡᠳ ᠦᠰᠦᠬᠡᠳ ᠬᠡᠯᠨ ᠳᠤ ᠤᠷᠤᠬᠤ ᠦᠶᠡᠰ ︽ᠠᠪᠤ︾ ᠬᠡᠳᠡᠭ ᠦᠬᠡ ᠶᠢ ᠤᠷᠢᠳ ᠢᠶᠠᠷ ᠬᠡᠯᠡᠪᠡᠯ ᠠᠮᠠ ᠪᠠᠬᠢ ᠲᠠᠢ᠂ ᠬᠠᠳᠠᠭᠤ ᠴᠢᠩᠭ᠎ᠠ ᠭᠦᠮᠦᠨ ᠪᠤᠯᠬᠤ᠂ ︽ᠡᠵᠢ︾ ᠬᠡᠵᠦ ᠠᠮᠠ ᠨᠡᠬᠡᠬᠡᠪᠡᠯ ᠡᠶᠡᠯᠰᠡᠭ ᠵᠦᠬᠡᠯᠡᠨ᠂ ᠤᠶᠠᠬᠠᠨ ᠡᠶᠡᠪᠡᠷᠭᠦᠦ ᠭᠦᠮᠦᠨ ᠪᠤᠯᠬᠤ ᠶᠢ ᠢᠯᠡᠳᠬᠡᠳᠡᠭ ᠬᠡᠳᠡᠭ ᠪᠢᠯᠡ᠃ ᠨᠢᠯᠬ᠎ᠠ ᠬᠡᠤᠬᠡᠳ ᠢ ᠤᠬᠢᠶᠠᠭᠰᠠᠨ ᠤᠰᠤ ᠶᠢ ᠨᠢ ᠭᠠᠵᠠᠷ ᠨᠠᠭᠠᠯᠳᠤᠭᠤᠯᠤᠨ ᠨᠠᠮ ᠲᠦᠯᠬᠢᠨ ᠴᠢᠳᠬᠤᠳᠠᠭ᠃ ᠡᠨᠡ ᠨᠢ ᠬᠡᠤᠬᠡᠳ ᠲᠤᠮᠤ ᠪᠤᠯᠪᠠᠯ ᠨᠠᠮ ᠲᠦᠯᠬᠡᠨ᠂ ᠤᠶᠠᠬᠠᠨ ᠵᠦᠬᠡᠯᠡᠨ ᠵᠠᠩ ᠠᠷᠠᠨᠰᠢ ᠲᠠᠢ ᠪᠤᠯᠬᠤ ᠶᠢᠨ ᠪᠡᠯᠬᠡᠳᠡᠯ᠃ ᠬᠡᠷᠪᠡ ᠰᠢᠭᠤᠳ ᠰᠠᠴᠤᠨ ᠤᠷᠬᠢᠪᠠᠯ ᠵᠠᠩ ᠠᠭᠠᠰᠢ ᠲᠦᠷᠬᠡᠨ᠂ ᠠᠭᠤᠷ ᠤᠮᠤᠭ ᠲᠠᠢ ᠬᠡᠳᠡᠷ ᠲᠤᠭᠰᠢᠨ ᠪᠤᠯᠬᠤ ᠪᠤᠯᠤᠮᠵᠢ ᠲᠠᠢ ᠬᠡᠳᠡᠭ ᠪᠢᠯᠡ᠃ ᠬᠡᠤᠬᠡᠳ ᠤᠨ ᠦᠰᠦ ᠶᠢ ᠠᠪᠬᠤ ᠳᠠᠭᠠᠨ ᠰᠠᠷ᠎ᠠ ᠪᠦᠷᠢ ᠶᠢᠨ ᠨᠤᠬᠠᠢ ᠡᠳᠦᠷ ᠠᠪᠤᠪᠠᠯ ᠬᠠᠮᠤᠭ ᠤᠨ ᠰᠠᠶᠢᠨ ᠪᠠᠶᠢᠳᠠᠭ᠃ ᠨᠤᠬᠠᠢ ᠡᠳᠦᠷ ᠦᠰᠦ ᠠᠪᠤᠪᠠᠯ ᠨᠤᠶᠠᠨ ᠰᠠᠭᠤᠨ᠎ᠠ ᠬᠡᠳᠡᠭ᠃ ᠪᠠᠭ᠎ᠠ ᠬᠡᠤᠬᠡᠳ ᠤᠨ ᠴᠢᠮᠠᠯᠠᠬᠠᠢ ᠶᠢᠨ ᠦᠰᠦ ᠶᠢ ᠤᠷᠳᠦ ᠦᠯᠡᠳᠡᠬᠡᠭᠦ ᠶᠤᠰᠤᠨ ᠴᠦ ᠪᠤᠢ᠃ ᠡᠨᠡ ᠭᠦ ᠦᠯᠡᠳᠡᠭᠰᠡᠨ ᠤᠷᠳᠦ ᠬᠡᠵᠢᠬᠡ ᠶᠢ ᠨᠢ ᠠᠪᠬᠤ ᠳᠤ ᠨᠠᠭᠠᠴᠦ ᠶᠢᠨ ᠲᠠᠯ᠎ᠠ ᠠᠴᠠ ᠨᠢ ᠲᠤᠮᠤ ᠪᠡᠯᠡᠭ — ᠦᠬᠡᠷ᠂ ᠬᠤᠨᠢ᠂ ᠢᠮᠠᠭ᠎ᠠ ᠭᠦᠷᠬᠡᠵᠦ ᠢᠷᠡᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号