ᠭᠦᠷᠢᠶᠡᠴᠤᠳ ᠤᠨ ᠭᠠᠯ ᠲᠠᠬᠢᠯᠭ᠎ᠠ
ᠨᠡᠶᠢᠲᠡᠯᠡᠭᠰᠡᠨ ᠴᠠᠭ᠄
2024/4/17
  ᠭᠦᠷᠢᠶ᠎ᠡ ᠬᠤᠰᠢᠭᠤ ᠪᠤᠯ ᠮᠤᠩᠭᠤᠯ ᠦᠨᠳᠦᠰᠦᠳᠠᠨ ᠢᠶᠠᠷ ᠭᠤᠤᠯᠯᠠᠭᠰᠠᠨ ᠬᠤᠰᠢᠭᠤ ᠪᠤᠯᠬᠤᠷ ᠮᠤᠩᠭᠤᠯᠴᠤᠳ ᠪᠦᠷ ᠦᠪᠡᠷ ᠤᠨ ᠵᠠᠩ ᠲᠠᠳᠬᠠᠯ ᠢᠶᠠᠷ ᠢᠶᠠᠨ ᠭᠠᠯ ᠲᠠᠬᠢᠳᠠᠭ ᠶᠤᠮ᠃ ᠲᠡᠬᠡᠭᠦ ᠳᠡᠭᠡᠨ ᠭᠦᠷᠢᠶ᠎ᠡ ᠮᠤᠩᠭᠤᠯᠴᠤᠳ ᠤᠨ ᠤᠯᠠᠮᠵᠢᠯᠠᠯᠳᠦ ᠭᠠᠯ ᠲᠠᠬᠢᠯᠭ᠎ᠠ ᠨᠢ ᠦᠨᠢ ᠤᠳᠠᠭᠠᠨ ᠲᠡᠤᠬᠡ ᠶᠢᠨ ᠰᠠᠭᠤᠷᠢ ᠲᠠᠢ ᠪᠦᠬᠡᠳ ᠰᠤᠶᠤᠯ ᠤᠨ ᠭᠦᠨ ᠠᠭᠤᠯᠤᠭᠳᠠᠬᠤᠨ ᠲᠠᠢ ᠪᠠᠶᠢᠭ᠎ᠠ ᠶᠤᠮ᠃ ᠭᠠᠯ ᠪᠤᠯ ᠮᠤᠩᠭᠤᠯᠴᠤᠳ ᠤᠨ ᠬᠠᠮᠤᠭ ᠠᠴᠠ ᠠᠷᠢᠭᠤᠨ ᠲᠠᠷᠬᠠᠨ ᠰᠢᠳᠦᠬᠡᠨ᠂ ᠰᠦᠭ ᠰᠦᠯᠳᠠ ᠭᠦᠴᠦᠨ ᠴᠢᠳᠠᠯ᠂ ᠦᠨᠢ ᠮᠦᠩᠬᠡ ᠶᠢᠨ ᠠᠮᠢᠨ ᠰᠦᠨᠡᠰᠦ᠂ ᠭᠠᠯ ᠭᠤᠯᠤᠮᠳᠠ ᠪᠤᠯᠳᠠᠭ  ᠠᠴᠠ ᠭᠠᠯ ᠢ ᠬᠠᠮᠤᠭ ᠤᠨ ᠲᠡᠬᠡᠳᠦ ᠰᠢᠳᠦᠬᠡᠨ ᠪᠤᠯᠭᠠᠵᠦ᠂ ᠠᠷᠢᠭᠤᠨ ᠲᠠᠷᠬᠠᠨ᠂ ᠬᠠᠯᠳᠠᠵᠦ ᠪᠤᠯᠤᠰᠢ ᠦᠬᠡᠢ ᠪᠦᠬᠡᠳ ᠬᠡᠵᠢᠶ᠎ᠡ ᠡᠭᠦᠷᠢᠳᠠ ᠲᠡᠬᠡᠳᠦᠯᠡᠨ ᠰᠢᠳᠦᠵᠦ᠂ ᠵᠢᠯ ᠪᠦᠷᠢ ᠶᠢᠨ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ︵ᠵᠠᠷᠢᠮ ᠨᠢ ᠬᠤᠷᠢᠨ ᠲᠦᠷᠪᠡᠨ︶ ᠳᠤ ᠭᠠᠯ ᠤᠨ ᠪᠤᠷᠬᠠᠨ ᠢᠶᠠᠨ ᠲᠠᠬᠢᠳᠠᠭ ᠵᠠᠩᠰᠢᠯ ᠲᠠᠢ ᠶᠤᠮ᠃ ᠭᠠᠯ  ᠤᠨ ᠪᠤᠷᠬᠠᠨ ᠢᠶᠠᠨ ᠲᠡᠬᠢᠵᠦ᠂ ᠰᠠᠶᠢᠨ ᠰᠠᠶᠢᠬᠠᠨ ᠢᠶᠠᠨ ᠲᠠᠭᠠᠳᠬᠠᠨ᠂ ᠠᠮᠤᠷ ᠠᠮᠤᠭᠤᠯᠠᠩ ᠢᠶᠠᠨ ᠰᠦᠰᠦᠭᠯᠡᠨ ᠰᠢᠳᠦᠵᠦ᠂ ᠦᠨᠢ ᠮᠦᠩᠬᠡ ᠭᠠᠯ ᠭᠤᠯᠤᠮᠳᠠ ᠶᠢᠨ ᠢᠶᠠᠨ ᠭᠦᠭᠵᠢᠨ ᠮᠠᠨᠳᠤᠬᠤ᠂ ᠦᠷ᠎ᠡ ᠠᠴᠢᠷ ᠨᠢ ᠡᠷᠡᠭᠦᠯ ᠰᠠᠶᠢᠬᠠᠨ ᠂ ᠦᠨᠳᠦᠰᠦ ᠤᠭᠰᠠᠭ᠎ᠠ ᠨᠢ ᠬᠡᠵᠢᠶᠠᠳᠠ ᠲᠠᠰᠤᠷᠠᠰᠢ ᠦᠬᠡᠢ ᠵᠠᠯᠭᠠᠮᠵᠢᠯᠠᠵᠦ ᠶᠠᠪᠤᠬᠤ ᠶᠢ ᠭᠦᠰᠡᠨ ᠲᠠᠭᠠᠳᠬᠠᠳᠠᠭ ᠪᠢᠯᠡ᠃ ᠭᠦᠷᠢᠶ᠎ᠡ ᠮᠤᠩᠭᠤᠯᠴᠤᠳ ᠭᠠᠯ ᠭᠤᠯᠤᠮᠳᠠ ᠶᠢᠨ ᠲᠡᠬᠡᠭᠦᠷ ᠠᠯᠬᠤᠵᠦ ᠭᠠᠷᠬᠤ᠂ ᠭᠠᠯ ᠳᠤ ᠭᠦᠯ ᠢᠶᠠᠨ ᠡᠬᠡᠬᠡᠭᠦ᠂ ᠭᠠᠯ ᠲᠡᠬᠡᠷ᠎ᠡ ᠠᠯᠴᠠᠶᠢᠬᠤ᠂ ᠵᠤᠤᠬᠠᠨ ᠭᠠᠯ ᠢ ᠭᠦᠯ ᠢᠶᠠᠷ ᠢᠰᠭᠦᠯᠭᠦ᠂ ᠭᠠᠵᠠᠷ ᠤᠨᠠᠭᠰᠠᠨ ᠭᠠᠯ ᠢ ᠭᠦᠯ ᠢᠶᠠᠷ ᠬᠢᠰᠬᠢᠵᠦ ᠤᠨᠳᠠᠷᠠᠭᠠᠬᠤ ᠵᠡᠷᠬᠡ ᠶᠢ ᠴᠡᠬᠡᠷᠯᠡᠵᠦ᠂ ᠭᠠᠯ ᠳᠤ ᠬᠢᠳᠤᠭ᠎ᠠ ᠰᠢᠪᠦᠭᠡ ᠲᠦᠷᠦᠭᠦ᠂ ᠭᠠᠯ ᠳᠤ ᠰᠤᠩᠬᠢᠨ᠎ᠡ ᠰᠠᠷᠢᠮᠰᠠᠭ ᠤᠨ ᠬᠠᠯᠢᠰᠦ ᠶᠢ ᠬᠢᠭᠦ᠂ ᠭᠠᠭ᠋ᠠᠢ ᠰᠢᠪᠠᠭᠤ ᠶᠢᠨ ᠪᠠᠭᠠᠰᠦ ᠪᠠ ᠦᠳᠦ ᠬᠢᠭᠦ ᠶᠢ ᠴᠡᠬᠡᠷᠯᠡᠵᠦ᠂ ᠬᠡᠷᠪᠡ ᠡᠳᠡᠬᠡᠷ ᠢ ᠴᠡᠬᠡᠷᠯᠡᠭᠦ ᠦᠬᠡᠢ ᠪᠤᠯ ᠭᠠᠯ ᠤᠨ ᠪᠤᠷᠬᠠᠨ ᠠᠭᠤᠷᠯᠠᠵᠦ᠂ ᠭᠠᠢ ᠭᠠᠮᠰᠢᠭ ᠪᠤᠯᠬᠤ ᠬᠡᠭᠦ ᠬᠡᠯᠡᠯᠬᠡ ᠲᠠᠢ ᠪᠠᠶᠢᠳᠠᠭ᠃ ᠨᠡᠩ ᠢᠯᠡᠭᠦᠦ ᠵᠤᠤᠬ᠎ᠠ ᠶᠢᠨ ᠲᠡᠬᠡᠷ᠎ᠡ ᠰᠠᠭᠤᠬᠤ᠂ ᠵᠤᠤᠬ᠎ᠠ ᠶᠢᠨ ᠲᠡᠬᠡᠷ᠎ᠡ ᠪᠤᠵᠠᠷ ᠶᠠᠭᠤᠮ᠎ᠠ ᠲᠠᠯᠪᠢᠬᠤ᠂ ᠵᠤᠤᠬ᠎ᠠ ᠶᠢᠨ ᠠᠮᠠᠰᠠᠷ ᠢ ᠰᠡᠳᠡᠷᠬᠡᠢ ᠡᠮᠳᠡᠷᠬᠡᠢ ᠪᠠᠶᠢᠯᠭᠠᠬᠤ ᠵᠡᠷᠬᠡ ᠶᠢ ᠴᠡᠬᠡᠷᠯᠡᠵᠦ᠂ ᠭᠠᠯ ᠭᠤᠯᠤᠮᠳᠠ ᠲᠤᠷᠦ᠋ᠢᠳᠡᠵᠦ ᠤᠳᠤᠮ ᠤᠭᠰᠠᠭ᠎ᠠ ᠮᠠᠭᠤᠳᠠᠨ᠎ᠠ ᠬᠡᠳᠡᠭ᠃ ᠬᠡᠷᠪᠡ ᠭᠠᠯ ᠲᠡᠬᠡᠭᠦᠷ ᠤᠯᠠᠭᠠᠨ ᠪᠦᠰ ᠡᠷᠬᠢᠭᠦᠯᠪᠡᠯ ᠭᠠᠯ ᠪᠠ ᠤᠯᠠᠭᠠᠨ ᠪᠦᠰ ᠬᠤᠶᠠᠷ ᠦᠩᠬᠡ ᠬᠠᠷᠰᠢᠯᠳᠤᠵᠦ᠂ ᠬᠡᠷ ᠵᠠᠭᠤᠷ᠎ᠠ ᠪᠠᠨ ᠶᠠᠷᠬᠢᠶᠠᠨ ᠲᠠᠢ ᠪᠤᠯᠤᠨ᠎ᠠ ᠬᠡᠭᠦ᠂ ᠬᠡᠤᠬᠡᠳ ᠭᠠᠯ ᠢᠶᠠᠷ ᠨᠠᠭᠠᠳᠪᠠᠯ ᠮᠠᠯ ᠠᠳᠤᠭᠤᠰᠦ ᠬᠤᠯᠠᠳᠠᠨ᠎ᠠ ᠬᠡᠭᠦ᠂ ᠭᠠᠯ ᠳᠤ ᠰᠦ᠂ ᠤᠰᠦ ᠵᠡᠷᠬᠡ ᠰᠢᠩᠬᠡᠨ ᠶᠠᠭᠤᠮ᠎ᠠ ᠴᠢᠳᠬᠤᠪᠠᠯ ᠭᠠᠯ ᠭᠤᠯᠤᠮᠳᠠ ᠬᠠᠷᠠᠯᠠᠨ᠎ᠠ ᠬᠡᠭᠦ ᠴᠡᠬᠡᠷ ᠶᠤᠰᠤᠨ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号