ᠭᠦᠷᠢᠶ᠎ᠡ ᠬᠤᠰᠢᠭᠤᠨ ᠳᠤ ᠤᠳᠦ ᠪᠤᠯᠳᠠᠯ᠎ᠠ 30 ᠭᠠᠷᠤᠢ ᠰᠦᠮ᠎ᠡ ᠬᠡᠶᠢᠳ ᠲᠠᠢ᠂ ᠭᠤᠤᠯ ᠪᠤᠯᠬᠤ ᠭᠤᠷᠪᠠᠨ | ᠬᠡᠶᠢᠳ ᠨᠢ ᠡᠬᠢ ᠶᠦᠭᠡᠨ ᠪᠠᠳᠠᠷᠠᠭᠤᠯᠤᠭᠴᠢ ᠬᠡᠶᠢᠳ᠂ ᠪᠤᠶᠠᠨ ᠪᠠᠷᠢᠯᠳᠤᠭᠤᠯᠤᠭᠴᠢ ᠬᠡᠶᠢᠳ ᠪᠠ ᠰᠤᠶᠤᠯ ᠵᠤᠬᠢᠰᠳᠦ | ᠬᠡᠶᠢᠳ ᠶᠤᠮ᠃ ᠲᠡᠷᠡ ᠨᠢ ᠴᠢᠩ ᠤᠯᠤᠰ ᠤᠨ ᠦᠶ᠎ᠡ ᠳᠤ ᠪᠠᠶᠢᠭᠤᠯᠤᠭᠳᠠᠭᠰᠠᠨ ᠲᠤᠯᠠ ᠤᠨ ᠴᠠᠭ ᠤᠨ ᠤᠯᠠ | ᠮᠦᠷ ᠢ ᠬᠠᠳᠠᠭᠠᠯᠠᠵᠦ ᠪᠠᠶᠢᠳᠠᠭ᠃ 5.9 ᠲᠦᠮᠡᠨ ᠬᠠᠪᠳᠠᠭᠠᠢ ᠲᠦᠷᠪᠡᠯᠵᠢᠨ ᠮᠧᠲᠷ ᠤᠨ ᠭᠠᠵᠠᠷ ᠡᠵᠡᠯᠡᠵᠦ ᠪᠠᠶᠢᠳᠠᠭ | ᠡᠨᠡ ᠭᠤᠷᠪᠠᠨ ᠶᠡᠭᠡ ᠬᠡᠶᠢᠳ ᠨᠢ ᠲᠤᠬᠠᠢ ᠶᠢᠨ ᠦᠶ᠎ᠡ ᠶᠢᠨ ᠭᠦᠷᠢᠶ᠎ᠡ ᠬᠤᠰᠢᠭᠤ ᠪᠠ ︽ᠲᠦᠷᠦ ᠱᠠᠰᠢᠨ ᠤ ᠨᠢᠬᠡᠳᠦᠯ︾ | ᠤᠨ ᠭᠦᠢᠰᠦ ᠪᠤᠯᠵᠦ᠂ ᠤᠯᠤᠰ ᠲᠦᠷᠦ᠂ ᠱᠠᠰᠢᠨ ᠰᠤᠷᠳᠠᠬᠤᠨ ᠪᠠ ᠠᠵᠦ ᠠᠬᠤᠢ ᠶᠢᠨ ᠲᠦᠪ ᠪᠤᠯᠵᠦ ᠪᠠᠶᠢᠪᠠ᠃ | ᠤᠳᠦ ᠤᠯᠤᠰ ᠤᠨ ᠲᠡᠰ ᠤᠨ ᠭᠤᠤᠯᠳᠠᠯᠭᠠᠳᠦ ᠬᠠᠮᠠᠭᠠᠯᠠᠯᠳᠠ ᠶᠢᠨ ᠤᠷᠤᠨ ᠪᠤᠯᠤᠭᠰᠠᠨ ᠢᠶᠠᠷ ᠦᠯᠦ ᠪᠠᠷᠠᠨ ᠲᠦᠷᠪᠡᠨ | A ᠲᠡᠰ ᠤᠨ ᠵᠤᠭᠠᠴᠠᠯ ᠤᠨ ᠤᠷᠤᠨ ᠪᠤᠯᠤᠭᠰᠠᠨ ᠪᠠᠶᠢᠨ᠎ᠠ᠃ ᠤᠳᠦ ᠪᠤᠯᠬᠤ ᠳᠤ ᠰᠠᠷ᠎ᠠ ᠪᠦᠷᠢ ᠶᠢᠨ ᠰᠢᠨ᠎ᠡ ᠶᠢᠨ | ᠨᠢᠬᠡᠨ᠂ ᠠᠷᠪᠠᠨ ᠲᠠᠪᠤᠨ ᠳᠤ ᠰᠦᠮ᠎ᠡ ᠶᠢᠨ ᠴᠤᠭᠯᠠᠭᠠᠨ ᠪᠤᠯᠵᠦ᠂ ᠨᠤᠮ ᠤᠩᠰᠢᠬᠤ᠂ ᠠᠷᠠᠯᠵᠢᠶ᠎ᠡ ᠮᠠᠶᠢᠮᠠᠢ ᠬᠢᠭᠦ | ᠪᠤᠯᠤᠭᠰᠠᠨ ᠪᠠᠶᠢᠨ᠎ᠠ᠃ ᠭᠤᠷᠪᠠᠨ ᠬᠡᠶᠢᠳ ᠨᠢ ᠭᠤᠷᠪᠠᠨ ᠵᠠᠭᠤ ᠢᠯᠡᠭᠦᠦ ᠵᠢᠯ ᠤᠨ ᠰᠠᠯᠬᠢᠨ ᠪᠤᠷᠤᠭᠠᠨ ᠳᠤ | ᠲᠠᠪᠳᠠᠭᠳᠠᠨ᠂ ᠭᠦᠵᠢ ᠵᠤᠯᠠ ᠡᠷᠭᠦᠭᠦ᠂ ᠨᠤᠮ ᠰᠤᠳᠤᠷ ᠤᠩᠰᠢᠭᠤᠯᠬᠤ᠂ ᠰᠦᠵᠢᠭ ᠪᠢᠰᠢᠷᠠᠯ ᠢᠶᠠᠨ ᠭᠦᠢᠴᠡᠬᠡᠭᠦ᠂ | ᠲᠠᠭᠠᠳᠬᠠᠨ ᠮᠦᠷᠭᠦᠭᠦ ᠵᠡᠷᠬᠡ ᠠᠭᠤᠯᠭ᠎ᠠ ᠪᠦᠭᠦᠢ ᠤᠯᠠᠮᠵᠢᠯᠠᠯᠳᠦ ᠴᠤᠭᠯᠠᠭᠠᠨ ᠨᠢ ᠤᠳᠦ ᠴᠦ ᠬᠡᠰᠡᠨ | ᠤᠯᠠᠮᠵᠢᠯᠠᠭᠳᠠᠭᠰᠠᠭᠠᠷ ᠪᠦᠬᠡᠳ ᠪᠠᠰᠠ ᠭᠦᠷᠢᠶ᠎ᠡ ᠨᠤᠳᠤᠭ ᠲᠤ ᠮᠠᠨᠢ ᠶᠢᠨ ᠦᠷᠢᠯ ᠪᠦᠳᠦᠬᠡᠭᠦ ᠮᠠᠨᠢ ᠶᠢᠨ ᠬᠤᠷᠠᠯ ᠪᠤᠵᠦ | ᠬᠤᠯᠠ ᠦᠢᠷ᠎ᠡ ᠶᠢᠨ ᠰᠦᠵᠢᠭᠳᠡᠳ ᠤᠨ ᠦᠵᠡᠯ ᠰᠠᠨᠠᠭ᠎ᠠ ᠪᠠ ᠤᠶᠤᠨ ᠰᠠᠨᠠᠭᠠᠨ ᠤ ᠪᠠᠳᠦ ᠪᠠᠬᠢ ᠰᠠᠭᠤᠷᠢ ᠪᠤᠯᠤᠭᠰᠠᠨ | ᠪᠠᠶᠢᠨ᠎ᠠ᠃ |