ᠵᠢᠪᠬᠤᠯᠠᠩᠳᠤ ᠬᠤᠩᠭᠤᠷ ᠤᠪᠤᠭ᠎ᠠ
ᠨᠡᠶᠢᠲᠡᠯᠡᠭᠰᠡᠨ ᠴᠠᠭ᠄
2024/1/26
   ᠵᠢᠪᠬᠤᠯᠠᠩᠳᠤ ᠬᠤᠩᠭᠤᠷ ᠤᠪᠤᠭ᠎ᠠ ᠪᠤᠯ ᠣᠣᠯ ᠤᠨ ᠬᠦᠪᠡᠭᠡᠲᠦ ᠰᠢᠷ᠎ᠠ ᠬᠤᠰᠢᠭᠤᠨ ᠤ ᠬᠤᠰᠢᠭᠤ ᠤᠪᠤᠭ᠎ᠠ ᠶᠤᠮ ᠃ ᠲᠡᠷᠡ ᠨᠢ ᠤᠳᠤ ᠶᠢᠨ ᠬᠦᠪᠡᠭᠡᠲᠦ ᠰᠢᠷ᠎ᠠ ᠬᠤᠰᠢᠭᠤᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠷᠢᠯᠠᠵᠤ᠂ ᠡᠮᠦᠨ᠎ᠡ ᠪᠠ ᠪᠠᠷᠠᠭᠤᠨ ᠵᠠᠬ᠎ᠠ ᠪᠠᠷ ᠢᠶᠠᠨ ᠤᠯᠠᠭᠠᠨᠴᠠᠪ ᠬᠤᠳᠠ ᠶᠢᠨ ᠬᠤᠸ᠋ᠳᠧ ᠰᠢᠶᠠᠨ ᠲᠠᠢ ᠵᠠᠬ᠎ᠠ ᠨᠡᠶᠢᠯᠡᠵᠤ ᠪᠠᠶᠢᠳᠠᠭ᠃ ᠬᠦᠪᠡᠭᠡᠲᠦ ᠰᠢᠷ᠎ᠠ ᠬᠤᠰᠢᠭᠤᠨ ᠤ ᠬᠤᠰᠢᠭᠤ ᠤᠪᠤᠭ᠎ᠠ ︽ᠵᠢᠪᠬᠤᠯᠠᠩᠳᠤ ᠬᠤᠩᠭᠤᠷ ᠤᠪᠤᠭ᠎ᠠ︾ ᠶᠢ ᠤᠭ ᠨᠢ ᠤᠮᠠᠷᠠᠳᠤ ᠶᠤᠸᠠᠨ ᠤᠯᠤᠰ ᠤᠨ ᠦᠶ᠎ᠡ ᠶᠢᠨ ᠪᠠᠷᠠᠭᠤᠨ ᠭᠤᠷᠪᠠᠨ ᠲᠦᠮᠡᠨ ᠤ ᠠᠯᠳᠠᠨ ᠬᠠᠨ ᠤ ᠳᠡᠳ᠋ ᠬᠠᠳᠤᠨ ᠮᠤᠯᠤᠨ ᠤ ᠬᠡᠦᠬᠡᠨ ᠬᠤᠩᠭᠤᠷ ᠬᠢᠬᠡᠳ ᠠᠯᠳᠠᠨ ᠬᠠᠨ ᠤ ᠳᠤᠮᠳᠠ ᠵᠠᠮ ᠤᠨ ᠴᠡᠷᠢᠭ ᠤᠨ ᠬᠤᠰᠢᠭᠤᠴᠢ ᠨᠤᠶᠠᠨ ᠬᠢᠴᠢᠬᠦ ᠲᠠᠶᠢᠴᠢᠩ ︵ᠴᠠᠬᠠᠷ ᠲᠦᠮᠡᠨ ᠤ ᠴᠡᠷᠢᠭ ᠤᠨ ᠠᠬᠠᠯᠠᠭᠴᠢ︶ ᠤᠨ ᠬᠦᠪᠡᠭᠦᠨ ᠵᠢᠪᠬᠤᠯᠠᠩᠳᠤ ᠬᠤᠶᠠᠷ ᠤᠨ ᠴᠢᠨᠳᠠᠷ ᠢ ᠬᠠᠮᠳᠤᠳᠬᠠᠨ ᠤᠷᠤᠰᠢᠭᠤᠯᠤᠭᠰᠠᠨ ᠭᠠᠵᠠᠷ ᠭᠡᠳᠡᠭ᠃ ᠬᠤᠰᠢᠭᠤ ᠤᠪᠤᠭ᠎ᠠ ᠶᠢ ᠵᠢᠪᠬᠤᠯᠠᠩᠳᠤ ᠬᠤᠩᠭᠤᠷ ᠠᠭᠤᠯᠠᠨ ᠳᠤ ᠠᠩᠬ᠎ᠠ ᠰᠢᠯᠵᠢᠬᠦᠯᠬᠦ ᠳᠤ ᠪᠠᠷᠠᠭᠤᠨ ᠡᠮᠦᠨᠡᠬᠢ ᠪᠦᠳᠦᠭᠦᠨ ᠬᠡᠳᠡᠭ ᠦᠨᠳᠦᠷᠯᠢᠭ ᠲᠡᠭᠡᠷ᠎ᠡ ᠪᠤᠰᠬᠠᠭᠰᠠᠠᠨ ᠭᠡᠳᠡᠭ᠃ ᠡᠨᠡ ᠤᠪᠤᠭ᠎ᠠ ᠨᠢ ᠬᠤᠰᠢᠭᠤᠨ ᠤ ᠨᠤᠶᠠᠳ ᠪᠠ ᠬᠠᠷᠠᠴᠤᠤᠯ ᠤᠨ ᠬᠡᠶᠢᠮᠦᠷᠢ ᠰᠦᠯᠳᠡᠨ ᠳᠤ ᠠᠨᠠᠢ ᠪᠤᠯᠬᠤᠷ ᠲᠠᠬᠢᠨ ᠰᠢᠯᠵᠢᠭᠦᠯᠵᠤ᠂ ᠤᠤᠯ ᠤᠨ ᠵᠢᠪᠬᠤᠯᠠᠩᠳᠤ ᠬᠤᠩᠭᠤᠷ ᠠᠭᠤᠯᠠ ᠶᠢᠨ ᠨᠤᠶᠠᠨ ᠤᠷᠭᠢᠯ ᠳᠠᠬᠢ ︽ᠬᠠᠷᠠᠨᠤᠳ ᠬᠠᠷᠠᠴᠢᠨ ᠤᠪᠤᠭ᠎ᠠ︾ ᠲᠠᠢ ᠨᠡᠶᠢᠯᠡᠭᠦᠯᠦᠨ ᠨᠢᠭᠡ ᠤᠪᠤᠭ᠎ᠠ ᠪᠤᠯᠭᠠᠨ ᠲᠠᠬᠢᠭᠰᠠᠨ ᠨᠢ ᠤᠳᠤ ᠶᠢᠨ ︽ᠵᠢᠪᠬᠤᠯᠠᠩᠳᠤ ᠬᠤᠩᠭᠤᠷ ᠤᠪᠤᠭ᠎ᠠ︾ ᠪᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号