ᠠᠷᠪᠠᠨ ᠬᠤᠰᠢᠭᠤᠨ ᠤ ᠴᠢᠭᠤᠯᠭᠠᠨ — ᠵᠢᠷᠢᠮ ᠤᠨ ᠴᠢᠭᠤᠯᠭᠠᠨ ᠤ ᠢᠷᠡᠯᠲᠡ
ᠨᠡᠶᠢᠲᠡᠯᠡᠭᠰᠡᠨ ᠴᠠᠭ᠄
2024/1/9
  1636 ᠣᠨ ᠳᠤ ᠬᠤᠸᠠᠩ ᠲᠠᠶᠢᠵᠢ ᠬᠤᠶᠢᠲᠤ ᠠᠯᠲᠠᠨ ᠤᠯᠤᠰ ᠢ ᠴᠢᠩ ᠤᠯᠤᠰ ᠪᠣᠯᠭᠠᠨ ᠥᠭᠡᠷᠡᠴᠢᠯᠡᠵᠦ᠂ ᠣᠨ ᠤ ᠴᠣᠯᠠ ᠪᠠᠨ ᠳᠡᠭᠡᠳᠦ ᠡᠷᠳᠡᠮᠲᠦ ᠭᠡᠵᠦ ᠬᠠᠯᠠᠭᠰᠠᠨ ᠤ ᠳᠠᠷᠠᠭ᠎ᠠ᠂ ᠮᠣᠩᠭᠤᠯ ᠤᠨ ᠡᠯ᠎ᠡ ᠠᠶᠢᠮᠠᠭ ᠤᠨ ᠲᠦᠷᠦᠭᠦᠴᠦᠳ ᠲᠤ ᠵᠡᠷᠭᠡ ᠬᠡᠷᠬᠡᠮ ᠣᠯᠭᠤᠵᠤ᠂ ᠴᠢᠭᠤᠯᠭᠠᠨ ᠬᠤᠰᠢᠭᠤ ᠶᠢᠨ ᠳᠦᠷᠢᠮ ᠢ ᠬᠡᠷᠡᠭᠵᠢᠭᠦᠯᠵᠡᠢ᠃ ᠲᠤᠬᠠᠢ ᠶᠢᠨ ᠦᠶ᠎ᠡ ᠳᠤ ᠬᠤᠷᠴᠢᠨ᠂ ᠵᠠᠯᠠᠶᠢᠳ᠂ ᠲᠦᠷᠪᠡᠳ᠂ ᠭᠤᠷᠯᠣᠰ ᠵᠡᠷᠭᠡ ᠳᠥᠷᠪᠡᠨ ᠠᠶᠢᠮᠠᠭ ᠤᠨ ᠡᠪᠦᠭᠡ ᠳᠡᠭᠡᠳᠦ ᠨᠢᠭᠡ ᠪᠣᠯᠬᠤᠷ ᠨᠢᠭᠡ ᠴᠢᠭᠤᠯᠭᠠᠨ ᠪᠠᠶᠢᠭᠤᠯᠵᠤ᠂ ᠳᠥᠷᠪᠡᠨ ᠠᠶᠢᠮᠠᠭ ᠢ ᠠᠷᠪᠠᠨ ᠬᠤᠰᠢᠭᠤ ᠬᠤᠪᠢᠶᠠᠪᠠ᠃ ᠴᠢᠭᠤᠯᠭᠠᠨ ᠬᠤᠷᠠᠭᠰᠠᠨ ᠭᠠᠵᠠᠷ ᠨᠢ ᠣᠳᠣ ᠶᠢᠨ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠵᠢᠷᠢᠮ ᠳᠤ ᠪᠠᠶᠢᠭᠰᠠᠨ ᠪᠤᠯᠬᠤᠷ᠂ ᠵᠢᠷᠢᠮ ᠤᠨ ᠴᠢᠭᠤᠯᠭᠠᠨ ᠭᠡᠵᠦ ᠨᠡᠷᠡᠶᠢᠳᠪᠡ᠃   ᠵᠢᠷᠢᠮ ᠤᠨ ᠴᠢᠭᠤᠯᠭᠠᠨ ᠳᠤ ᠬᠠᠷᠢᠶᠠᠯᠠᠭᠳᠠᠬᠤ ᠳᠥᠷᠪᠡᠨ ᠠᠶᠢᠮᠠᠭ ᠠᠷᠪᠠᠨ ᠬᠤᠰᠢᠭᠤ ᠭᠡᠳᠡᠭ ᠨᠢ ᠬᠤᠷᠴᠢᠨ ᠠᠶᠢᠮᠠᠭ ᠢᠶᠠᠷ ᠲᠦᠷᠦᠭᠦᠯᠡᠭᠦᠯᠦᠭᠰᠡᠨ ᠬᠤᠷᠴᠢᠨ᠂ ᠵᠠᠯᠠᠶᠢᠳ᠂ ᠳᠥᠷᠪᠡᠳ᠂ ᠭᠤᠷᠯᠣᠰ ᠵᠡᠷᠭᠡ ᠳᠥᠷᠪᠡᠨ ᠮᠣᠩᠭᠤᠯ ᠠᠶᠢᠮᠠᠭ ᠢ ᠵᠢᠭᠠᠵᠤ ᠪᠣᠢ᠃ ᠠᠷᠪᠠᠨ ᠬᠤᠰᠢᠭᠤ ᠳᠤ ᠬᠤᠷᠴᠢᠨ ᠵᠡᠭᠦᠨ ᠭᠠᠷᠤᠨ ᠡᠮᠦᠨᠡᠲᠦ ᠬᠤᠰᠢᠭᠤ᠂ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ᠂ ᠬᠤᠷᠴᠢᠨ ᠵᠡᠭᠦᠨ ᠭᠠᠷᠤᠨ ᠬᠤᠶᠢᠲᠤ ᠬᠤᠰᠢᠭᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ᠂ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ᠂ ᠬᠤᠷᠴᠢᠨ ᠪᠠᠷᠠᠭᠤᠨ ᠭᠠᠷᠤᠨ ᠬᠤᠶᠢᠲᠤ ᠬᠤᠰᠢᠭᠤ᠂ ᠵᠠᠯᠠᠶᠢᠳ ᠠᠶᠢᠮᠠᠭ ᠤᠨ ᠨᠢᠭᠡ ᠬᠤᠰᠢᠭᠤ ᠪᠠ ᠳᠥᠷᠪᠡᠳ ᠠᠶᠢᠮᠠᠭ ᠤᠨ ᠨᠢᠭᠡ ᠬᠤᠰᠢᠭᠤ᠂ ᠭᠤᠷᠯᠣᠰ ᠤᠨ ᠡᠮᠦᠨᠡᠲᠦ ᠬᠤᠰᠢᠭᠤ ᠪᠠ ᠭᠤᠷᠯᠣᠰ ᠤᠨ ᠬᠤᠶᠢᠲᠤ ᠬᠤᠰᠢᠭᠤ ᠪᠠᠭᠲᠠᠨ᠎ᠠ᠃   ᠳᠥᠷᠪᠡᠨ ᠠᠶᠢᠮᠠᠭ ᠤᠨ ᠠᠷᠪᠠᠨ ᠬᠤᠰᠢᠭᠤ ᠶᠢᠨ ᠵᠠᠰᠠᠭ ᠸᠠᠩ ᠭᠥᠩ ᠪᠣᠯᠣᠨ ᠢᠵᠠᠭᠤᠷᠲᠠᠨ ᠨᠠᠷ ᠪᠣᠯ ᠪᠦᠷ ᠴᠢᠩᠭᠢᠰ ᠬᠠᠭᠠᠨ ᠤ ᠬᠤᠶᠠᠳᠤᠭᠠᠷ ᠳᠡᠭᠦᠦ ᠬᠠᠪᠤᠲᠤ ᠬᠠᠰᠠᠷ ᠤᠨ ᠬᠤᠶᠢᠴᠢ ᠪᠣᠯᠣᠨ᠎ᠠ᠂ ᠵᠢᠷᠢᠮ ᠤᠨ ᠴᠢᠭᠤᠯᠭᠠᠨ ᠪᠣᠯ ᠬᠠᠰᠠᠷ ᠤᠨ ᠡᠷᠭᠦᠮᠵᠢᠯᠡᠯ ᠤᠨ ᠭᠠᠵᠠᠷ ᠵᠢᠴᠢ ᠲᠡᠭᠦᠨ ᠤ ᠬᠤᠶᠢᠴᠢ ᠦᠶ᠎ᠡ ᠶᠢᠨ ᠬᠠᠷᠢᠶ᠎ᠠ ᠢᠷᠭᠡᠨ ᠢᠶᠠᠷ ᠪᠦᠷᠢᠯᠳᠦᠭᠰᠡᠨ ᠮᠣᠩᠭᠤᠯ ᠤᠨ ᠬᠦᠴᠦᠷᠬᠡᠭ ᠠᠶᠢᠮᠠᠭ — ᠬᠤᠷᠴᠢᠨ ᠠᠶᠢᠮᠠᠭ ᠠᠴᠠ ᠤᠯᠠᠷᠢᠨ ᠬᠤᠪᠢᠷᠠᠵᠤ ᠢᠷᠡᠭᠰᠡᠨ ᠶᠤᠮ᠃ ᠰᠤᠷᠪᠤᠯᠵᠢ ᠪᠢᠴᠢᠭ ᠲᠤ ᠲᠡᠮᠳᠡᠭᠯᠡᠭᠰᠡᠨ ᠢ ᠦᠨᠳᠦᠰᠦᠯᠡᠪᠡᠯ᠂ ᠵᠢᠷᠢᠮ ᠤᠨ ᠴᠢᠭᠤᠯᠭᠠᠨ ᠤ ᠠᠩᠬᠠᠨ ᠤ ᠳᠠᠷᠤᠭ᠎ᠠ ᠪᠣᠯ ᠯᠤᠪᠰᠠᠩᠭᠤᠮᠪᠤ ᠪᠣᠯᠣᠨ᠎ᠠ᠂ ᠲᠡᠷᠡ ᠡᠩᠬᠡ ᠠᠮᠤᠭᠤᠯᠠᠩ ᠤᠨ ᠳᠥᠴᠢ ᠶᠢᠰᠦᠳᠦᠭᠡᠷ ᠣᠨ ︵1710 ᠣᠨ︶ ᠳᠤ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤ ᠶᠢᠨ ᠵᠠᠰᠠᠭ ᠳᠠᠷᠬᠠᠨ ᠴᠢᠨ ᠸᠠᠩ᠂ ᠬᠤᠱᠤᠢ ᠭᠦᠩᠵᠦ ᠯᠦᠭᠡ ᠤᠷᠤᠭ ᠪᠠᠷᠢᠯᠳᠤᠵᠤ᠂ ᠬᠤᠱᠤᠢ ᠡᠹᠥ᠋ ᠡᠷᠭᠦᠮᠵᠢᠯᠡᠭᠳᠡᠵᠦ᠂ ᠵᠢᠷᠢᠮ ᠤᠨ ᠴᠢᠭᠤᠯᠭᠠᠨ ᠤ ᠠᠩᠬᠠᠨ ᠤ ᠳᠠᠷᠤᠭ᠎ᠠ ᠪᠣᠯᠵᠠᠢ᠃ ᠴᠢᠭᠤᠯᠭᠠᠨ ᠤ ᠳᠠᠷᠤᠭ᠎ᠠ ᠲᠤᠬᠢᠷᠠᠭᠤᠯᠤᠭᠰᠠᠨ ᠠᠴᠠ ᠠᠪᠤᠭᠠᠳ 1931 ᠣᠨ ᠪᠤᠯᠲᠠᠯ᠎ᠠ ᠵᠢᠷᠢᠮ ᠤᠨ ᠴᠢᠭᠤᠯᠭᠠᠨ ᠤᠷᠤᠰᠢᠵᠤ ᠪᠠᠶᠢᠭᠰᠠᠨ 200 ᠭᠠᠷᠤᠢ ᠵᠢᠯ ᠤᠨ ᠬᠤᠭᠤᠷᠣᠨᠳᠤ᠂ ᠠᠷᠪᠠᠨ ᠬᠤᠰᠢᠭᠤ ᠶᠢᠨ 24 ᠬᠡᠷᠬᠡᠮᠲᠡᠨ ᠤᠷᠢᠳ ᠬᠤᠵᠢᠳ ᠴᠢᠭᠤᠯᠭᠠᠨ ᠤ ᠳᠠᠷᠤᠭ᠎ᠠ᠂ ᠳᠡᠳ᠋ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ᠂ 60 ᠭᠠᠷᠤᠢ ᠤᠳᠠᠭ᠎ᠠ ᠴᠢᠭᠤᠯᠠᠨ ᠬᠤᠷᠠᠵᠤ ᠦᠩᠭᠡᠷᠡᠭᠡᠪᠡ᠃ ᠤᠳᠠᠭ᠎ᠠ ᠪᠦᠷᠢ ᠶᠢᠨ ᠴᠢᠭᠤᠯᠭᠠᠨ ᠳᠤ᠂ ᠡᠯ᠎ᠡ ᠬᠤᠰᠢᠭᠤ ᠶᠢᠨ ᠵᠠᠰᠠᠭ ᠴᠢᠭᠤᠯᠭᠠᠨ ᠳᠤ ᠰᠠᠭᠠᠲᠠᠵᠤ ᠵᠠᠷᠭᠤ ᠰᠢᠭᠦᠵᠦ᠂ ᠬᠡᠷᠡᠭ ᠵᠥᠪᠯᠡᠵᠦ ᠰᠣᠩᠭᠤᠭᠤᠯᠢ ᠶᠠᠪᠤᠭᠤᠯᠬᠤ᠂ ᠨᠠᠭᠠᠳᠤᠮ ᠤᠨ ᠬᠤᠷᠠᠯ ᠬᠢᠬᠦ᠂ ᠡᠳ᠋ ᠪᠣᠳᠠᠰ ᠤᠨ ᠰᠣᠯᠢᠯᠴᠠᠭ᠎ᠠ ᠬᠢᠵᠦ᠂ ᠴᠢᠩ ᠤᠯᠤᠰ ᠤᠨ ᠲᠦᠷᠥ ᠠᠴᠠ ᠲᠤᠰᠢᠶᠠᠯᠲᠠᠨ ᠲᠣᠮᠢᠯᠠᠨ ᠢᠷᠡᠭᠦᠯᠵᠦ ᠴᠡᠷᠢᠭ ᠮᠣᠷᠢ ᠶᠢ ᠰᠢᠯᠭᠠᠨ ᠦᠵᠡᠭᠦᠯᠲᠡᠭ᠃ ᠴᠢᠭᠤᠯᠭᠠᠨ ᠤ ᠳᠦᠷᠢᠮ ᠢ ᠬᠦᠴᠦᠨ ᠦᠭᠡᠢ ᠪᠤᠯᠭᠠᠭᠰᠠᠨ ᠳᠤ᠂ ᠴᠢᠭᠤᠯᠭᠠᠨ ᠤ ᠠᠵᠢᠯᠯᠠᠭ᠎ᠠ ᠴᠦ ᠳᠠᠭᠠᠯᠳᠤᠨ ᠠᠯᠠᠭ᠎ᠠ ᠪᠤᠯᠤᠭᠰᠠᠨ ᠳᠠᠷᠠᠭᠠᠬᠢ ᠣᠨ ᠵᠢᠯ ᠤᠳ ᠲᠤ᠂ ᠬᠠᠪᠤᠷ ᠤᠨ ᠤᠷᠢᠨ ᠳᠤᠯᠠᠭᠠᠨ ᠪᠤᠯᠤᠭᠰᠠᠨ ᠪᠢᠯᠢᠭ ᠤᠨ ᠤᠯᠠᠷᠢᠯ ᠤᠨ ᠳᠦᠷᠪᠡᠳᠦᠭᠡᠷ ᠰᠠᠷ᠎ᠠ ᠶᠢᠨ ᠬᠤᠷᠢᠨ ᠪᠣᠯᠬᠤ ᠪᠦᠷᠢ᠂ ᠡᠯ᠎ᠡ ᠬᠤᠰᠢᠭᠤ ᠶᠢᠨ ᠠᠷᠠᠳ ᠮᠥᠨ ᠯᠡ ᠪᠣᠯᠵᠣᠭᠰᠠᠨ ᠶᠣᠰᠣᠭᠠᠷ ᠢᠶᠠᠨ ᠢᠷᠡᠵᠦ᠂ ᠤᠳᠠ ᠮᠣᠳᠣᠨ ᠤ ᠨᠠᠮᠠᠭ᠎ᠠ ᠪᠠᠷ ᠣᠪᠣᠭ᠎ᠠ ᠪᠠᠨ ᠴᠢᠮᠡᠭᠯᠡᠨ᠂ ᠴᠠᠭᠠᠨ ᠢᠳᠡᠭᠡᠨ ᠤ ᠳᠠᠬᠢᠯᠭ᠎ᠠ ᠪᠤᠯᠭᠠᠵᠤ ᠳᠤᠷᠠᠰᠬᠠᠯ ᠤᠨ ᠠᠵᠢᠯᠯᠠᠭ᠎ᠠ ᠶᠢ ᠵᠣᠬᠢᠶᠠᠨ ᠪᠠᠶᠢᠭᠤᠯᠬᠤ ᠪᠤᠯᠤᠭᠰᠠᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号