ᠨᠢᠷᠤᠭᠤᠨ ᠣᠪᠣᠭ — ᠤᠯᠠᠮᠵᠢᠯᠠᠯ ᠶᠠᠷᠢᠶ᠎ᠠ ᠪᠠᠷ ᠲᠡᠮᠦᠵᠢᠨ ᠤ ᠠᠷᠪᠠᠨ ᠨᠢᠭᠡᠨ ᠦᠶ᠎ᠡ ᠶᠢᠨ ᠡᠮᠦᠨᠡᠬᠢ ᠡᠮᠡᠭᠡ | ᠠᠯᠤᠨ ᠭᠤᠸ᠎ᠠ ᠶᠢᠨ ᠬᠡᠪᠡᠯᠢ ᠳᠤ ᠨᠢ ᠭᠡᠷᠡᠯ ᠰᠢᠩᠭᠡᠭᠰᠡᠨ ᠠᠴᠠ ᠪᠣᠯᠵᠤ ᠵᠢᠷᠮᠤᠰᠤᠯᠠᠨ ᠭᠤᠷᠪᠠᠨ ᠬᠦᠦ ᠲᠠᠢ ᠪᠣᠯᠵᠠᠢ᠃ | ᠡᠨᠡ ᠭᠤᠷᠪᠠᠨ ᠬᠦᠦ ᠶᠢ ᠲᠡᠭᠷᠢ ᠰᠠᠬᠢᠭᠤᠯᠰᠤᠨ ᠶᠢᠷᠲᠢᠨᠴᠦ ᠳᠤ ᠲᠤᠮᠢᠯᠠᠨ ᠪᠠᠭᠤᠯᠭᠠᠯ᠎ᠠ ᠭᠡᠵᠦ ᠦᠵᠡᠵᠦ ᠪᠠᠶᠢᠭᠰᠠᠨ | ᠪᠣᠯᠬᠤᠷ ᠲᠡᠳᠡᠨ ᠢ ︽ᠨᠢᠷᠤᠭᠤᠳ︾᠂ ︽ᠨᠢᠷᠤᠭᠤᠨ︾ ᠭᠡᠵᠦ ᠳᠠᠭᠤᠳᠠᠵᠤ᠂ ᠬᠤᠵᠢᠮ ᠨᠢ ᠡᠳᠡ | ᠭᠤᠷᠪᠠᠭᠤᠯᠠ ᠶᠢᠨ ᠦᠷᠡᠰ ᠢ ︽ᠨᠢᠷᠤᠭᠤᠨ ᠮᠤᠩᠭᠤᠯ︾ ᠭᠡᠵᠦ ᠶᠡᠷᠦᠩᠬᠡᠶᠢᠯᠡᠨ ᠳᠠᠭᠤᠳᠠᠬᠤ ᠪᠣᠯᠵᠠᠢ᠃ ᠲᠠᠩᠭᠤᠳ | ᠣᠪᠣᠭ — ᠨᠡᠶᠢᠲᠡ ᠶᠢᠨ ᠣᠨ ᠲᠤᠭᠠᠯᠠᠯ ᠤᠨ 11 — 13 ᠵᠠᠭᠤᠨ ᠤ ᠡᠬᠢ ᠬᠦᠷᠲᠡᠯ᠎ᠡ᠂ ᠡᠳᠦᠭᠡᠬᠢ | ᠨᠢᠩᠰᠢᠶᠠ ᠤᠷᠴᠢᠮ ᠳᠤ ︽ᠶᠡᠭᠡ ᠰᠢᠶᠠ︾ ᠭᠡᠬᠦ ᠨᠢᠭᠡ ᠤᠯᠤᠰ ᠪᠠᠶᠢᠪᠠ᠃ ᠰᠦᠩ ᠤᠯᠤᠰ ᠤᠨ ᠪᠠᠷᠠᠭᠤᠨ | ᠵᠠᠬ᠎ᠠ ᠳᠤ ᠬᠦᠷᠰᠢᠯᠡᠵᠦ ᠪᠠᠶᠢᠭᠰᠠᠨ ᠪᠣᠯᠬᠤᠷ ᠪᠠᠷᠠᠭᠤᠨ ᠰᠢᠶᠠ ᠤᠯᠤᠰ ᠭᠡᠵᠦ ᠴᠦ ᠬᠡᠯᠡᠳᠡᠭ᠃ ᠮᠤᠩᠭᠤᠯ ᠬᠠᠭᠠᠨᠲᠤ | ᠤᠯᠤᠰ ᠪᠠᠶᠢᠭᠤᠯᠤᠭᠳᠠᠭᠰᠠᠨ ᠤ ᠰᠡᠭᠦᠯᠡᠷ 1227 ᠤᠨ ᠳᠤ ᠲᠤᠰ ᠤᠯᠤᠰ ᠢ ᠳᠠᠶᠢᠯᠠᠨ ᠮᠦᠬᠦᠭᠡᠭᠰᠡᠨ ᠶᠤᠮ᠃ | ᠮᠤᠩᠭᠤᠯᠴᠤᠳ ᠲᠤᠬᠠᠢ ᠶᠢᠨ ᠦᠶ᠎ᠡ ᠶᠢᠨ ᠲᠠᠩᠬᠤ ᠶᠢᠨ ᠴᠢᠶᠠᠩ ᠦᠨᠳᠦᠰᠦᠲᠡᠨ ᠪᠠ ᠬᠦᠬᠡᠨᠠᠭᠤᠷ ᠤᠨ ᠲᠦᠪᠡᠳ ᠢ | ᠶᠡᠷᠦᠩᠬᠡᠢ ᠳᠤ ᠨᠢ ᠲᠠᠩᠭᠤᠳᠴᠤᠳ ᠭᠡᠳᠡᠭ ᠪᠠᠶᠢᠵᠠᠢ᠃ ᠲᠠᠩᠬᠤ ᠶᠢᠨ ᠴᠢᠶᠠᠩ ᠦᠨᠳᠦᠰᠦᠲᠡᠨ ᠮᠤᠩᠭᠤᠯ ᠳᠤ | ᠰᠢᠩᠭᠡᠭᠰᠡᠨ ᠤ ᠰᠡᠭᠦᠯᠡᠷ ᠤᠤᠯ ᠤᠨ ᠤᠯᠤᠰ ᠤᠨ ᠢᠶᠠᠨ ᠨᠡᠷ᠎ᠡ ᠪᠠᠷ ᠢᠶᠠᠨ ᠲᠠᠩᠭᠤᠳ ᠤᠪᠤᠭᠲᠠᠨ ᠪᠣᠯᠪᠠ᠃ ᠲᠦᠪᠡᠳ | ᠣᠪᠣᠭ — ᠡᠷᠲᠡᠨ ᠤ ᠦᠶ᠎ᠡ ᠳᠤ ᠲᠦᠪᠡᠳ ᠤᠷᠤᠨ ᠳᠤ ᠨᠣᠲᠣᠭᠯᠠᠳᠠᠭ ᠲᠦᠪᠡᠳᠴᠣᠳ ᠢ ᠮᠤᠩᠭᠤᠯᠴᠣᠳ ︽ | ᠲᠦᠪᠡᠳ︾ ᠭᠡᠵᠦ᠂ ᠬᠦᠬᠡᠨᠠᠭᠤᠷ ᠤᠷᠤᠨ ᠳᠤ ᠨᠤᠲᠤᠭᠯᠠᠳᠠᠭ ᠲᠦᠪᠡᠳᠴᠤᠳ ᠢ ᠨᠢ ︽ᠲᠠᠩᠭᠤᠳ︾ ᠭᠡᠳᠡᠭ᠃ | ᠴᠢᠩ ᠤᠯᠤᠰ ᠠᠴᠠ ᠰᠡᠬᠦᠯᠴᠢ ᠪᠠᠷ ᠲᠦᠪᠡᠳᠴᠤᠳ ᠢ ᠪᠦᠬᠦᠨ ᠢᠶᠠᠷ ᠨᠢ ︽ᠲᠦᠪᠡᠳ︾ ᠭᠡᠵᠦ ᠳᠠᠭᠤᠳᠠᠬᠤ ᠪᠣᠯᠪᠠ᠃ | ᠮᠤᠩᠭᠤᠯᠴᠤᠳ ᠤᠨ ᠲᠤᠲᠤᠷᠠᠬᠢ ᠲᠦᠪᠡᠳ ᠣᠪᠣᠭ ᠪᠣᠯ ᠲᠦᠪᠡᠳ ᠦᠨᠳᠦᠰᠦᠲᠡᠨ ᠤ ᠨᠡᠷ᠎ᠡ ᠠᠴᠠ ᠤᠯᠠᠷᠢᠵᠤ | ᠢᠷᠡᠭᠰᠡᠨ ᠶᠤᠮ᠃ ᠲᠠᠶᠢᠵᠢ ᠣᠪᠣᠭ — ︽ᠲᠠᠶᠢᠵᠢ︾ ᠭᠡᠭᠴᠢ ᠨᠢ ︽ᠲᠠᠶᠢᠽᠢ︾ ᠶᠢᠨ ᠤᠨᠳᠤᠤᠰᠢᠭᠰᠠᠨ ᠠᠪᠢᠶ᠎ᠠ | ᠮᠦᠨ᠃ ᠶᠤᠸᠠᠨ᠂ ᠮᠢᠩ᠂ ᠴᠢᠩ ᠭᠤᠷᠪᠠᠨ ᠲᠦᠷᠦ ᠶᠢᠨ ᠦᠶ᠎ᠡ ᠳᠤ᠂ ᠴᠢᠩᠬᠢᠰ ᠬᠠᠭᠠᠨ ᠤ ︽ᠠᠯᠲᠠᠨ ᠤᠷᠤᠭᠲᠠᠨ | ︾ — ᠪᠣᠷᠵᠢᠬᠢᠨ ᠣᠪᠣᠭᠲᠠᠳ ᠢ ᠵᠠᠷᠢᠮ ᠭᠠᠵᠠᠷ ᠤᠳ ᠲᠤ ᠲᠠᠶᠢᠵᠢ ᠭᠡᠵᠦ ᠳᠠᠭᠤᠳᠠᠳᠠᠭ᠃ ᠡᠨᠡᠬᠦ ᠴᠤᠯᠠ ᠶᠢ | ᠬᠦᠪᠡᠭᠦᠳ ᠨᠢ ᠦᠶ᠎ᠡ ᠤᠯᠠᠷᠢᠨ ᠵᠠᠯᠭᠠᠮᠵᠢᠯᠠᠬᠤ ᠪᠣᠯᠪᠠᠴᠤ᠂ ᠬᠡᠦᠬᠡᠨ ᠨᠢ ᠪᠣᠰᠣᠳ ᠣᠪᠣᠭᠲᠠᠨ ᠳᠤ ᠮᠤᠷᠳᠠᠭᠰᠠᠨ ᠤ | ᠰᠡᠭᠦᠯᠡᠷ ᠦᠪᠡᠷ ᠢᠶᠠᠨ ᠬᠡᠷᠡᠭᠯᠡᠳᠡᠭ ᠠᠴᠠ ᠪᠢᠰᠢ᠂ ᠦᠷ᠎ᠡ ᠬᠡᠦᠬᠡᠳ ᠲᠤ ᠪᠠᠨ ᠵᠠᠯᠭᠠᠮᠵᠢᠯᠠᠳᠠᠭ ᠦᠭᠡᠢ᠂ ︽ᠲᠠᠶᠢᠵᠢ︾ | ᠣᠪᠣᠭᠲᠠᠳ ᠤᠨ ᠣᠯᠠᠩᠬᠢ ᠨᠢ ᠪᠣᠷᠵᠢᠬᠢᠳ ᠣᠪᠣᠭᠲᠠᠳ ᠪᠠᠶᠢᠳᠠᠭ ᠶᠤᠮ᠃ ᠵᠦᠷᠴᠢᠳ ᠣᠪᠣᠭ — ᠵᠦᠷᠴᠢᠳ | ᠣᠪᠣᠭ ︵女真︶ ᠶᠤᠸᠠᠨ ᠤᠯᠤᠰ ᠤᠨ ᠦᠶ᠎ᠡ ᠳᠤ ᠮᠠᠨᠵᠤ ᠶᠢᠨ ᠳᠡᠭᠡᠳᠦᠰ ᠢ ᠵᠦᠷᠴᠢᠳ ᠭᠡᠳᠡᠭ᠃ ᠵᠦᠷᠴᠢᠳ | ᠮᠤᠩᠭᠤᠯ ᠳᠤ ᠰᠢᠩᠭᠡᠭᠰᠡᠨ ᠤ ᠰᠡᠬᠦᠯᠡᠷ ᠮᠦᠨ ᠵᠦᠷᠴᠢᠳ ᠤᠪᠤᠭᠲᠠᠨ ᠪᠣᠯᠵᠠᠢ᠃ |