ᠬᠤᠤᠯᠢᠨ ᠭᠤᠣᠯ ︵ᠬᠤᠶᠠᠷ︶
ᠨᠡᠶᠢᠲᠡᠯᠡᠭᠰᠡᠨ ᠴᠠᠭ᠄
2024/1/9
   ᠡᠷᠲᠡ ᠳᠡᠭᠡᠲᠦ ᠦᠶ᠎ᠡ ᠳᠤ᠂ ᠬᠤᠷᠴᠢᠨ ᠤ ᠡᠮᠦᠨᠡᠲᠦ ᠬᠡᠰᠡᠭ ᠲᠤ ᠲᠦᠢᠯ ᠤᠨ ᠬᠦᠨᠳᠦ ᠬᠡᠴᠡᠭᠦᠦ ᠭᠠᠩ ᠬᠠᠭᠰᠠᠷᠠᠭᠠᠨ ᠪᠣᠯᠵᠤ᠂ ᠭᠤᠣᠯ ᠮᠦᠷᠡᠨ ᠲᠠᠰᠣᠷᠠᠵᠤ ᠰᠢᠷᠬᠢᠭᠡᠳ ᠡᠪᠡᠰᠦ ᠣᠷᠭᠤᠮᠠᠯ ᠬᠠᠲᠠᠵᠤ ᠬᠤᠪᠠᠭ᠋ᠠᠶᠢᠷᠠᠭᠰᠠᠨ ᠠᠴᠠ ᠠᠮᠢᠲᠠᠨ ᠬᠠᠷ᠎ᠠ ᠲᠡᠷᠢᠭᠦᠳᠡᠨ ᠣᠷᠣᠰᠢᠨ ᠲᠣᠭᠲᠠᠬᠤ ᠳᠤ ᠪᠡᠷᠭᠡᠲᠡᠢ ᠪᠣᠯᠵᠠᠢ ᠭᠡᠨ᠎ᠡ᠃ ᠲᠡᠷᠡ ᠲᠣᠬᠠᠢ ᠳᠤ᠂ ᠬᠤᠳᠠᠯᠠ ᠬᠤᠷᠯᠣ ᠭᠡᠭᠴᠢ ᠡᠷ᠎ᠡ ᠡᠮ᠎ᠡ ᠬᠤᠶᠠᠭᠤᠯᠠ ᠪᠠᠶᠢᠭᠰᠠᠨ ᠪᠦᠭᠡᠳ ᠬᠤᠪᠢ ᠵᠠᠶᠠᠭ᠎ᠠ ᠲᠠᠢ ᠪᠠᠨ ᠬᠤᠯᠪᠣᠨ ᠠᠷᠠᠴᠢᠯᠠᠳᠠᠭ ᠬᠤᠷᠢ ᠭᠤᠴᠢᠨ ᠠᠳᠣᠭᠤ ᠦᠬᠡᠷ ᠨᠢ ᠦᠵᠡᠲᠡᠯ᠎ᠡ ᠦᠯᠪᠡᠷᠴᠦ ᠦᠬᠦᠬᠦ ᠳᠤ ᠲᠣᠯᠣᠭᠰᠠᠨ ᠲᠤᠯᠠ ᠡᠪᠲᠠᠢ ᠨᠤᠲᠤᠭ ᠤᠰᠤ ᠡᠷᠢᠬᠦ ᠪᠠᠷ ᠠᠷᠠᠯᠲᠤ ᠲᠡᠷᠭᠡ ᠪᠠᠨ ᠬᠥᠯᠦᠭᠡᠳ ᠠᠰ ᠬᠤᠶᠢᠲᠤ ᠵᠦᠭ ᠲᠤ ᠨᠡᠭᠦᠳᠡᠯᠯᠡᠵᠡᠢ᠃ ᠡᠷ᠎ᠡ ᠡᠮ᠎ᠡ ᠬᠤᠶᠠᠭᠤᠯᠠ ᠬᠡᠭᠡᠷ᠎ᠡ ᠬᠤᠨᠣᠵᠤ ᠬᠡᠲᠡ ᠲᠡᠷᠡᠯᠡᠨ ᠬᠡᠳᠦᠨ ᠰᠠᠷ᠎ᠠ ᠠᠶᠠᠯᠠᠯ᠎ᠠ᠃ ᠭᠡᠪᠡᠴᠦ ᠬᠦᠷᠦᠭᠰᠡᠨ ᠭᠠᠵᠠᠷ ᠪᠣᠯᠭᠠᠨ ᠳᠤ ᠨᠢ ᠬᠦᠷᠦᠰᠦ ᠰᠢᠷᠤᠢ ᠣᠯᠠᠶᠢᠵᠤ ᠨᠢᠴᠦᠭᠦᠷᠡᠭᠡᠳ ᠬᠦᠯ ᠲᠣᠭᠲᠠᠬᠤ ᠠᠷᠭ᠎ᠠ ᠦᠭᠡᠢ ᠰᠠᠨᠳᠣᠷᠭᠠᠵᠤ ᠪᠠᠶᠢᠪᠠ᠃ ᠲᠡᠳᠡ ᠬᠤᠶᠠᠷ ︽ᠦᠵᠡᠬᠦ ᠦᠭᠡᠢ ᠪᠠᠨ ᠦᠵᠡᠵᠦ ᠦᠬᠡᠷ ᠴᠠᠮ ᠬᠠᠷᠠᠶᠢᠵᠤ︾ ᠶᠠᠪᠣᠭᠰᠠᠨ ᠪᠣᠯᠪᠠᠴᠤ ︽ᠲᠡᠭᠷᠢ ᠬᠦᠮᠦᠨ ᠢ ᠠᠯᠠᠬᠤ ᠪᠢᠰᠢ︾ ᠭᠡᠵᠦ ᠢᠲᠡᠭᠡᠵᠦ᠂ ᠠᠯᠢᠪᠠ ᠭᠠᠰᠢᠭᠤᠨ ᠵᠣᠪᠠᠭᠤᠷᠢ ᠶᠢ ᠲᠡᠰᠪᠦᠷᠢᠯᠡᠨ ᠠᠶᠠᠨ ᠣᠲᠣᠷ ᠬᠦᠭᠡᠭᠡᠯ᠎ᠡ᠃   ᠬᠠᠪᠤᠷ ᠤᠨ ᠡᠬᠢ ᠬᠠᠩᠰᠢ ᠠᠴᠠ ᠡᠮᠦᠨᠡᠬᠢ ᠨᠢᠭᠡᠨ ᠡᠳᠦᠷ ᠪᠠᠶᠢᠵᠤ ᠪᠢᠯᠡ᠃ ᠲᠡᠷᠡ ᠶᠠᠰᠤᠨ ᠬᠡᠯᠬᠢᠶ᠎ᠡ ᠠᠷᠠᠰᠤᠨ ᠪᠠᠭᠯᠠᠭ᠎ᠠ ᠪᠣᠯᠣᠭᠰᠠᠨ ᠠᠳᠣᠭᠤ ᠦᠬᠡᠷ ᠤᠳ ᠨᠢ ᠶᠠᠳᠠᠷᠠᠨ ᠣᠯᠠᠳᠠᠵᠤ ᠶᠠᠪᠣᠵᠤ ᠳᠡᠶᠢᠯᠬᠦ ᠦᠭᠡᠢ ᠪᠣᠯᠣᠭᠰᠠᠨ ᠢ ᠬᠠᠷᠠᠭᠠᠳ ᠲᠡᠰᠭᠡᠯ ᠦᠭᠡᠢ ᠪᠠᠴᠢᠮᠳᠠᠯ᠎ᠠ᠃ ᠴᠢᠩᠭᠢᠭᠡᠳ ᠨᠠᠷᠠ ᠰᠢᠩᠭᠡᠵᠦ ᠨᠠᠭᠤᠢ ᠪᠦᠷᠳᠦᠯᠵᠡᠬᠦ ᠬᠢᠷᠢ ᠳᠤ ᠨᠢᠭᠡᠨ ᠶᠡᠭᠡ ᠠᠭᠤᠯᠠᠨ ᠤ ᠠᠷᠤ ᠳᠤ ᠬᠦᠷᠴᠦ ᠲᠤᠪᠤ ᠳᠠᠷᠣᠵᠤ ᠬᠤᠨᠤᠭ ᠤᠨ ᠪᠠᠭᠤᠴᠠ ᠠᠪᠣᠪᠠ᠃ ᠦᠨᠡᠬᠡᠨ ᠬᠠᠷᠠᠩᠭᠤᠢ ᠥᠨᠥᠬᠢ ᠰᠦᠨᠢ ᠲᠡᠭᠷᠢ ᠵᠤᠳᠯᠠᠵᠤ ᠴᠠᠰᠤ ᠪᠣᠷᠣᠭᠠᠨ ᠲᠠᠢ ᠬᠤᠯᠢᠯᠳᠤᠨ ᠣᠷᠣᠭᠠᠳ ᠮᠠᠶᠢᠵᠢᠬᠢ ᠲᠣᠪᠤ ᠶᠢ ᠨᠢ ᠳᠠᠷᠣᠵᠤ ᠬᠠᠶᠠᠮᠠᠷ ᠮᠠᠰᠢ ᠪᠣᠷᠣᠩᠬᠤᠶᠢᠯᠠᠵᠤ ᠠᠭᠠᠰᠢᠯᠠᠯ᠎ᠠ᠃ ᠬᠤᠲᠠᠯᠠ ᠬᠤᠷᠯᠤ ᠬᠤᠶᠠᠷ ᠲᠤ ᠬᠠᠮᠢᠭ᠎ᠠ ᠠᠴᠠ ᠨᠦᠢᠷ ᠬᠦᠬᠡᠬᠡᠵᠦ ᠣᠨᠲᠠᠬᠤ ᠰᠡᠳᠭᠢᠯ ᠪᠠᠶᠢᠬᠤ ᠪᠤᠢ ᠠᠵᠠᠢ︖ ᠡᠵᠡᠨ ᠡᠰᠢ ᠦᠭᠡᠢ ᠡᠭᠡᠷᠡᠮ᠎ᠡ ᠴᠦᠯ ᠳᠡᠭᠡᠷ᠎ᠡ ᠡᠭᠡᠨᠡᠭᠳᠡ ᠬᠦᠮᠦᠨ ᠮᠠᠯ ᠲᠠᠢ ᠪᠠᠨ ᠴᠦᠮ ᠬᠤᠬᠢᠷᠠᠵᠤ ᠳᠠᠭᠤᠰᠬᠤ ᠠᠴᠠ ᠠᠶᠣᠭᠠᠳ ᠠᠭᠠᠷ ᠬᠤᠷᠮᠣᠰᠲᠠ ᠲᠡᠭᠷᠢ ᠪᠠ ᠠᠭᠤᠯᠠ ᠤᠰᠤᠨ ᠤ ᠨᠠᠪᠳᠠᠭ ᠰᠠᠪᠳᠠᠭ ᠲᠤ ᠵᠠᠯᠪᠠᠷᠢᠨ ᠳᠠᠭᠠᠳᠬᠠᠵᠤ ᠦᠨᠵᠢᠯ᠎ᠡ᠃ ᠳᠠᠷᠠᠭ᠎ᠠ ᠦᠷᠯᠦᠭᠡ ᠨᠢ᠂ ᠴᠠᠰᠤ ᠤᠰᠤᠨ ᠳᠤ ᠳᠡᠪᠲᠦᠵᠦ ᠳᠠᠷᠣᠭᠳᠠᠭᠰᠠᠨ ᠢᠰᠡᠭᠡᠢ ᠪᠦᠷᠢᠶᠡᠰᠦ ᠪᠠᠨ ᠢᠷᠠᠭᠠᠳ ᠦᠵᠡᠭᠰᠡᠨ ᠴᠢᠨᠢ᠂ ᠲᠣᠩᠭᠠᠯᠠᠭ ᠨᠠᠷᠠᠨ ᠲᠥᠮᠡᠨ ᠪᠠᠷ᠎ᠠ ᠶᠢᠨ ᠠᠭᠤᠳᠠᠮ ᠣᠭᠲᠠᠷᠭᠤᠢ ᠶᠢ ᠭᠡᠶᠢᠭᠦᠯᠵᠦ᠂ ᠲᠡᠷᠲᠡᠭᠡ ᠬᠦᠲᠦᠯ ᠳᠡᠭᠡᠷ᠎ᠡ ᠪᠤᠭᠤ ᠣᠷᠣᠮᠳᠠᠭᠠᠳ ᠬᠠᠵᠠᠭᠤ ᠶᠢᠨ ᠮᠤᠳᠤᠳ ᠲᠤ ᠪᠣᠯᠵᠣᠮᠣᠷ ᠵᠢᠷᠬᠢᠬᠦ ᠨᠢ ᠰᠤᠨᠣᠰᠳᠠᠵᠤ ᠪᠢᠯᠡ᠃ ᠲᠡᠳᠡ ᠬᠤᠶᠠᠭᠤᠯᠠ ᠶᠡᠭᠡ ᠯᠡ ᠭᠠᠶᠢᠬᠠᠵᠤ᠂ ᠲᠡᠷᠡ ᠳᠠᠷᠣᠢ ᠲᠤᠪᠤ ᠠᠴᠠ ᠪᠠᠨ ᠭᠠᠷᠴᠤ ᠠᠵᠢᠪᠠᠯ᠂ ᠬᠡᠳᠦ᠋ᠢᠪᠡᠷ ᠦᠨᠳᠦᠷ ᠠᠭᠤᠯᠠᠨ ᠤ ᠣᠷᠣᠢ ᠬᠢᠷ᠎ᠠ ᠪᠠᠷ ᠴᠠᠰᠤ ᠴᠠᠶᠢᠯᠵᠠᠪᠠᠴᠤ ᠦᠷᠭᠡᠨ ᠵᠢᠯᠠᠭ᠎ᠠ ᠠᠭᠤᠵᠢᠮ ᠬᠦᠨᠳᠡᠢ ᠳᠤ ᠨᠢ ᠡᠪᠡᠰᠦ ᠨᠣᠭᠤᠭ᠎ᠠ ᠬᠦᠪᠦᠷᠡᠨ ᠨᠠᠬᠢᠶᠠᠯᠠᠵᠤ᠂ ᠨᠠᠷᠢᠬᠠᠨ ᠣᠷᠣᠰᠬᠠᠯᠲᠤ ᠨᠢᠭᠡᠨ ᠭᠤᠣᠯ ᠤᠷᠲᠤ ᠮᠣᠭᠠᠢ ᠰᠢᠭ᠋ ᠮᠣᠰᠬᠢᠷᠠᠨ ᠣᠷᠢᠶᠠᠯᠳᠣᠭᠰᠠᠭᠠᠷ ᠪᠠᠷᠠᠭᠤᠨ ᠲᠠᠯ᠎ᠠ ᠪᠠᠷ ᠨᠢ ᠵᠢᠷᠪᠢᠯᠵᠡᠨ ᠦᠩᠭᠡᠷᠡᠭᠡᠳ ᠬᠤᠶᠢᠰᠢ ᠴᠢᠭᠯᠡᠵᠦ ᠲᠡᠮᠡᠦᠯᠦᠨ᠎ᠡ᠃   ᠠᠬᠢᠭᠠᠳ ᠯᠠᠪᠯᠠᠨ ᠬᠠᠷᠠᠪᠠᠯ᠂ ᠠᠳᠣᠭᠤ ᠦᠬᠡᠷ ᠤᠳ ᠨᠢ ᠲᠠᠯ᠎ᠠ ᠶᠢᠨ ᠳᠡᠨᠵᠢ ᠳᠤ ᠲᠠᠭᠠᠲᠠᠢ ᠪᠡᠯᠴᠢᠵᠦ᠂ ᠡᠷᠭᠦᠭᠦᠯᠵᠦ ᠪᠠᠶᠢᠭᠰᠠᠨ ᠬᠡᠳᠦᠨ ᠶᠠᠳᠠᠷ ᠦᠨᠢᠶᠡᠳ ᠠᠴᠠ ᠨᠢ ᠬᠤᠸᠠ ᠬᠠᠯᠵᠠᠨ ᠲᠤᠭᠤᠯ ᠭᠠᠷᠴᠤ ᠡᠬᠡᠰ ᠢᠶᠠᠨ ᠲᠣᠭᠤᠷᠢᠭᠠᠳ ᠲᠣᠭᠯᠠᠨ᠎ᠠ᠃ ᠡᠨᠡ ᠶᠡᠷᠦ ᠨᠢ ᠵᠡᠭᠦᠲᠦ ᠪᠢᠰᠢ ᠪᠢᠵᠡ︖ ᠭᠡᠵᠦ ᠬᠤᠳᠠᠯᠠ ᠬᠤᠷᠯᠤ ᠬᠤᠶᠠᠷ ᠢᠲᠡᠭᠡᠵᠦ ᠰᠡᠵᠢᠭᠯᠡᠬᠦ ᠳᠠᠪᠬᠤᠴᠠᠬᠤ ᠳᠠᠭᠠᠨ ᠭᠤᠣᠯ ᠤᠨ ᠡᠷᠭᠢ ᠳᠤ ᠬᠦᠷᠴᠦ ᠡᠯᠢᠭᠡᠳᠡᠨ ᠬᠡᠪᠲᠡᠭᠡᠳ ᠤᠰᠤ ᠶᠢ ᠨᠢ ᠣᠣᠭᠤᠵᠤ ᠦᠵᠡᠯ᠎ᠡ᠃ ᠠ᠂ ᠶᠠᠭᠠᠬᠢᠭᠰᠠᠨ ᠠᠮᠲᠠᠲᠠᠢ ᠤᠰᠤ ᠪᠤᠢ︖ ᠶᠠᠭ ᠯᠡ ᠪᠠᠯ ᠪᠤᠷᠠᠮ ᠲᠠᠢ ᠤᠮᠳᠠᠭᠠᠨ ᠠᠳᠠᠯᠢ᠃ ᠳᠡᠨᠵᠢᠨ ᠳᠠᠬᠢ ᠡᠪᠡᠰᠦᠨ ᠠᠴᠠ ᠳᠡᠮᠡᠢ ᠯᠡ ᠲᠠᠰᠣᠲᠠᠨ ᠠᠪᠴᠤ ᠰᠢᠮᠡᠵᠦ ᠵᠠᠵᠢᠯᠣᠯ᠎ᠠ᠂ ᠤᠭᠤ ᠴᠤ ᠲᠠᠷᠠᠭ ᠰᠦ ᠶᠢ ᠢᠳᠡᠭᠡᠳ ᠳᠠᠮᠰᠢᠶᠠᠯᠠᠵᠤ ᠪᠠᠶᠢᠬᠤ ᠮᠡᠲᠦ᠂ ᠲᠠᠪᠤᠨ ᠴᠣᠯᠣ ᠨᠢ ᠲᠠᠮᠢᠷᠵᠢᠵᠦ ᠳᠡᠩᠭᠡᠷᠡᠯ᠎ᠡ᠃ ᠬᠤᠲᠠᠯᠠ ᠬᠤᠷᠯᠣ ᠬᠤᠶᠠᠭᠤᠯᠠ ᠶᠢᠨ ᠪᠠᠶᠠᠷᠯᠠᠭᠰᠠᠨ ᠭᠡᠵᠢ ᠡ︕ ᠪᠣᠷᠬᠠᠨ ᠲᠡᠭᠷᠢ ᠪᠠ ᠪᠤᠭᠲᠠ ᠰᠠᠬᠢᠭᠤᠯᠰᠤᠨ ᠳᠤ ᠠᠬᠢᠨ ᠳᠠᠬᠢᠨ ᠰᠦᠵᠢᠭᠯᠡᠨ ᠮᠦᠷᠭᠦᠵᠦ᠂ ᠠᠶᠢᠷᠠᠭ ᠰᠦ ᠶᠢᠨ ᠳᠡᠭᠡᠵᠢ ᠪᠠᠷ ᠭᠠᠯ ᠲᠤᠯᠭ᠎ᠠ ᠪᠠᠨ ᠮᠢᠯᠢᠶᠡᠵᠦ᠂ ᠲᠠᠪᠤᠨ ᠬᠠᠨᠠᠲᠤ ᠮᠣᠩᠭᠤᠯ ᠭᠡᠷ ᠢᠶᠠᠨ ᠲᠠᠯ᠎ᠠ ᠶᠢᠨ ᠦᠷᠦᠴᠠᠨ ᠳᠤ ᠨᠢ ᠪᠠᠷᠢᠵᠤ ᠰᠠᠭᠤᠭᠠᠳ᠂ ᠡᠨᠡ ᠰᠠᠶᠢᠬᠠᠨ ᠨᠤᠲᠤᠭ ᠠᠴᠠ ᠡᠭᠦᠷᠢᠳᠡ ᠰᠢᠯᠵᠢᠬᠦ ᠦᠭᠡᠢ ᠪᠠᠷ ᠰᠢᠢᠳᠴᠠᠢ᠃ ᠲᠡᠭᠡᠭᠡᠳ ᠬᠠᠮᠤᠭ ᠠᠴᠠ ᠦᠨᠳᠦᠷ ᠣᠷᠭᠢᠯ ᠢ ᠨᠢ ︽ᠬᠠᠨ ᠠᠭᠤᠯᠠ︾ ᠭᠡᠵᠦ᠂ ᠲᠡᠵᠢᠭᠡᠯ ᠰᠢᠮᠡᠲᠡᠢ ᠲᠡᠷᠡ ᠤᠰᠤ ᠶᠢ ︽ᠬᠤᠭᠤᠯᠠᠨ ᠭᠤᠣᠯ︾ ᠭᠡᠵᠦ ᠨᠡᠷᠡᠯᠡᠭᠡᠳ ᠠᠲᠣᠭᠤ ᠮᠠᠯ ᠢᠶᠠᠨ ᠦᠰᠭᠡᠵᠦ ᠠᠮᠤᠷ ᠲᠠᠶᠢᠪᠣᠩ ᠠᠵᠠ ᠵᠢᠷᠭᠠᠯ ᠲᠠᠢ ᠠᠮᠢᠳᠣᠷᠠᠵᠤ ᠭᠡᠨ᠎ᠡ᠃   ᠣᠳᠣ ᠬᠤᠣᠯᠢᠨ ᠭᠤᠣᠯ ᠳᠤ ᠨᠡᠭᠦᠷᠡᠰᠦ ᠠᠷᠪᠢᠨ ᠭᠠᠷᠳᠠᠭ ᠨᠢ᠂ ᠲᠡᠳᠡ ᠬᠤᠶᠠᠭᠤᠯᠠ ᠦᠬᠡᠷ ᠢᠶᠠᠨ ᠠᠷᠠᠯᠵᠢᠭᠠᠳ ᠠᠯᠲᠠ ᠮᠦᠩᠬᠦ ᠬᠤᠪᠢᠷᠠᠭᠤᠯᠤᠨ ᠳᠠᠷᠣᠵᠤ ᠬᠠᠶᠠᠭᠰᠠᠨ ᠪᠣᠯᠠᠭᠳᠠᠮᠠᠯ ᠭᠡᠨ᠎ᠡ᠃ ᠡᠨᠡ ᠬᠠᠪᠢ ᠪᠠᠷ ᠬᠤᠷᠳᠤᠨ ᠮᠣᠷᠢᠳ ᠭᠠᠷᠳᠠᠭ ᠤᠨ ᠰᠢᠯᠳᠠᠭᠠᠨ ᠨᠢ ᠭᠡᠪᠡᠯ᠂ ᠲᠡᠲᠡᠨ ᠤ ᠠᠳᠣᠭᠤ ᠨᠢ ᠬᠤᠯᠠᠨ ᠲᠠᠬᠢ ᠲᠠᠢ ᠡᠷᠯᠢᠰᠡᠵᠢᠭᠰᠡᠨ ᠲᠠᠢ ᠬᠠᠷᠢᠴᠠᠭ᠎ᠠ ᠲᠠᠢ ᠬᠡᠯᠴᠡᠳᠡᠭ᠃ ᠬᠤᠵᠢᠮ ᠨᠢ ᠬᠡᠳᠦᠨ ᠵᠠᠭᠤᠨ ᠵᠢᠯ ᠦᠩᠭᠡᠷᠡᠵᠦ ᠮᠢᠩᠭᠠᠨ ᠣᠨ ᠪᠣᠯᠬᠤ ᠳᠤ᠂ ︽ᠬᠤᠭᠤᠯᠠᠨ ᠭᠤᠣᠯ︾ ᠨᠢ ᠬᠤᠯᠠᠨ ᠭᠤᠣᠯ ᠪᠣᠯᠵᠤ᠂ ︽ᠬᠤᠯᠠᠨ ᠭᠤᠣᠯ︾ ᠨᠢ ᠣᠯᠠᠷᠢᠵᠤ ᠬᠤᠪᠢᠷᠠᠭᠠᠳ ᠬᠤᠣᠯᠢᠨ ᠭᠤᠣᠯ ᠪᠣᠯᠣᠯ᠎ᠠ ᠭᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号