ᠬᠤᠣᠯᠢᠨ ᠭᠤᠣᠯ ︵ᠨᠢᠭᠡ︶
ᠨᠡᠶᠢᠲᠡᠯᠡᠭᠰᠡᠨ ᠴᠠᠭ᠄
2024/1/9
   ᠡᠷᠲᠡ ᠣᠷᠢᠲᠤ ᠳᠤ᠂ ᠴᠢᠩᠭᠢᠰ ᠬᠠᠭᠠᠨ ᠵᠠᠮᠤᠬ᠎ᠠ ᠲᠠᠢ ᠵᠢᠭᠤᠷᠠᠯᠳᠤᠨ ᠪᠠᠶᠢᠯᠳᠣᠵᠤ ᠬᠤᠶᠢᠨ᠎ᠠ ᠠᠴᠠ ᠨᠢ ᠨᠡᠬᠡᠮᠵᠢᠯᠡᠨ ᠳᠠᠭᠤᠭᠰᠠᠭᠠᠷ ᠰᠡᠭᠦ᠋ᠢᠨ ᠰᠦᠨᠳᠡᠷᠯᠡᠭᠰᠡᠨ ᠨᠢᠭᠡᠨ ᠶᠡᠭᠡ ᠠᠭᠤᠯᠠ ᠤ ᠠᠷᠤ ᠬᠤᠷᠮᠣᠢ ᠳᠤ ᠲᠤᠯᠵᠣ ᠬᠦᠷᠴᠡᠢ᠃ ᠲᠡᠷᠡ ᠲᠣᠬᠠᠢ ᠳᠤ᠂ ᠵᠣᠨ ᠤ ᠣᠯᠠᠷᠢᠯ ᠪᠠᠶᠢᠭᠰᠠᠨ ᠲᠤᠯᠠ ᠴᠡᠷᠢᠭ ᠮᠣᠷᠢ ᠨᠢ ᠶᠠᠳᠠᠷᠠᠵᠤ ᠵᠦᠳᠡᠷᠡᠬᠦ ᠪᠠᠷ ᠦᠯᠦ ᠪᠠᠷᠠᠨ ᠤᠰᠤ ᠤᠮᠳᠠ ᠲᠠᠰᠣᠷᠠᠭᠠᠳ ᠣᠷᠣᠭᠰᠢᠯᠠᠬᠤ ᠳᠤ ᠪᠡᠷᠬᠡᠲᠡᠢ ᠪᠣᠯᠪᠠ᠃ ᠴᠢᠩᠭᠢᠰ ᠬᠠᠭᠠᠨ ᠡᠨᠡ ᠪᠠᠶᠢᠳᠠᠯ ᠢ ᠠᠵᠢᠭᠠᠳ ᠠᠯᠪᠠᠨ ᠴᠡᠷᠢᠭ ᠲᠤ ᠠᠮᠠᠷᠠᠵᠤ ᠪᠠᠭᠤᠳᠠᠯᠯᠠᠬᠤ ᠶᠢ ᠵᠠᠷᠯᠠᠵᠤ᠂ ᠰᠢᠳᠡᠷ ᠵᠠᠩᠵᠤᠨ ᠢᠶᠠᠨ ᠵᠠᠷᠯᠢᠭᠳᠠᠨ ᠤᠰᠤ ᠡᠷᠢᠭᠦᠯᠦᠭᠰᠡᠨ ᠪᠣᠯᠪᠠᠴᠤ ᠣᠯᠣᠭᠰᠠᠨ ᠦᠭᠡᠢ ᠪᠣᠴᠠᠵᠠᠢ᠃   ᠦᠵᠡᠲᠡᠯ᠎ᠡ ᠦᠳᠡᠰᠢ ᠶᠢᠨ ᠪᠠᠷᠠᠭᠠᠨ ᠬᠥᠰᠢᠭᠡ ᠲᠠᠲᠠᠭᠰᠠᠨ ᠪᠣᠯᠪᠠᠴᠤ ᠣᠮᠳᠠᠭᠠᠰᠴᠤ ᠠᠩᠭᠠᠭᠰᠠᠨ ᠤᠯᠤᠰ ᠠᠮᠢᠲᠠᠳ ᠦᠢᠮᠡᠯᠳᠦᠭᠡᠳ ᠭᠠᠰᠠᠯᠦᠯ ᠵᠣᠪᠠᠯ ᠤᠨ ᠳᠠᠭᠤᠨ ᠭᠠᠵᠠᠷ ᠲᠡᠭᠷᠢ ᠲᠠᠢ ᠦᠷᠭᠦᠯᠵᠢᠯᠡᠵᠦ ᠪᠠᠶᠢᠯ᠎ᠠ᠃ ᠴᠢᠩᠭᠢᠰ ᠬᠠᠭᠠᠨ ᠴᠡᠷᠢᠭ ᠳᠠᠶᠢᠨ ᠤ ᠣᠴᠢᠷ ᠲᠤ ᠶᠡᠬᠡᠳᠡ ᠰᠡᠳᠭᠢᠯ ᠵᠣᠪᠠᠵᠤ᠂ ᠴᠠᠴᠠᠷ ᠤᠨ ᠡᠭᠦᠳᠡᠨ ᠳᠤ ᠵᠣᠭᠰᠣᠭᠠᠳ ᠴᠢᠨᠡᠲᠦ ᠦᠨᠳᠦᠷ ᠠᠭᠤᠯᠠ ᠶᠢ ᠠᠵᠢᠪᠠᠯ᠄ ᠴᠠᠰᠤᠲᠤ ᠣᠷᠭᠢᠯ ᠤᠨ ᠴᠠᠷᠠᠰᠣᠲᠤ ᠬᠦᠲᠥᠯ ᠤᠨ ᠳᠣᠣᠷ᠎ᠠ ᠴᠠᠬᠢᠯᠭᠠᠨ ᠬᠢᠯᠪᠠᠭ᠋ᠤ ᠮᠡᠲᠦ ᠴᠠᠶᠢᠯᠵᠠᠬᠤ ᠨᠢᠭᠡᠨ ᠤᠰᠤ ᠬᠠᠷᠠᠭᠠᠨ ᠳᠤ  ᠨᠢ ᠣᠷᠣᠪᠠ᠃ ᠲᠡᠷᠡ ᠳᠣᠣᠷ᠎ᠠ ᠪᠠᠨ ᠶᠡᠭᠡ ᠪᠠᠷ ᠪᠠᠶᠠᠰᠴᠤ᠂ ᠲᠡᠮᠳᠡᠭ ᠪᠠᠶᠢᠴᠠ ᠶᠢ ᠮᠦᠷᠳᠡᠨ ᠲᠦᠷᠭᠡᠯᠡᠵᠦ ᠬᠦᠷᠬᠦ ᠳᠤ᠂ ᠬᠠᠳᠠᠨ ᠤ ᠬᠤᠩᠬᠢᠢᠯ ᠳᠤ ᠮᠡᠯᠳᠡᠭᠡᠨᠡᠭᠰᠡᠨ ᠬᠦᠭᠡᠷᠦᠭᠦᠢ ᠪᠢᠴᠢᠬᠠᠨ ᠪᠤᠯᠠᠭ ᠢᠯᠡᠷᠡᠵᠦ᠂ ᠬᠤᠪᠤᠭᠤ ᠪᠠᠷ ᠬᠡᠳᠦ ᠠᠪᠣᠪᠠᠯ ᠬᠤᠲᠦ᠋ᠢᠵᠤ ᠰᠢᠷᠬᠢᠮᠠᠷ ᠤᠰᠤ ᠪᠠᠶᠢᠯ᠎ᠠ᠃ ᠠᠢ ᠳ᠋ᠠ᠂ ᠣᠨᠳᠣᠷᠣᠮᠠᠯ ᠪᠤᠯᠠᠭ ᠬᠡᠰᠡᠨ ᠴᠤ ᠤᠰᠤ ᠪᠠᠷ ᠶᠡᠷᠦ ᠨᠢ ᠠᠨᠠᠶᠢᠬᠠᠨ ᠲᠤᠯᠠ ᠤᠯᠤᠰ ᠤᠨ ᠶᠡᠭᠡ ᠴᠡᠷᠢᠭ ᠲᠤ ᠤᠮᠳᠠ ᠪᠣᠯᠵᠤ ᠬᠡᠷᠬᠢᠨ ᠳᠡᠶᠢᠯᠬᠦ ᠪᠣᠢ︖ ᠭᠡᠵᠦ ᠡᠵᠡᠨ ᠴᠢᠩᠭᠢᠰ ᠡᠪᠴᠢᠭᠦᠦ ᠪᠠᠨ ᠳᠠᠯᠠᠳᠤᠨ ᠡᠩᠰᠡᠷᠡᠵᠦ ᠵᠣᠪᠠᠭ᠋ᠤ ᠳᠤ᠂ ᠡᠲᠡᠭᠡᠳ ᠴᠠᠩᠭᠠᠭᠰᠠᠨ ᠴᠡᠷᠢᠭ ᠮᠣᠷᠢᠳ ᠬᠠᠷᠢᠨ ᠡᠷᠡᠦ ᠰᠣᠩᠭᠠᠯᠴᠠᠨ ᠣᠷᠣᠯ᠎ᠠ᠂᠂᠂᠂᠂ ᠭᠠᠯᠪᠠ ᠳᠤ ᠭᠠᠭᠴᠠ ᠳᠣᠬᠢᠶᠠᠯᠳᠣᠭᠰᠠᠨ ᠭᠠᠶᠢᠬᠠᠮᠰᠢᠭᠲᠤ ᠣᠨᠴᠠᠷᠠᠯ ᠪᠢᠯᠡ᠃ ᠲᠠᠪᠢᠨ ᠲᠦᠮᠡᠨ ᠴᠡᠷᠢᠭ ᠮᠣᠷᠢᠳ ᠳᠠᠪᠠ ᠪᠠᠨ ᠬᠠᠨᠲᠠᠯ᠎ᠠ ᠣᠣᠭᠤᠭᠰᠠᠨ ᠪᠣᠯᠪᠠᠴᠤ ᠳᠡᠪᠡᠯᠡᠵᠦ ᠪᠠᠰᠣᠭᠰᠠᠨ ᠲᠡᠷᠡ ᠪᠢᠴᠢᠬᠠᠨ ᠪᠤᠯᠠᠭ ᠵᠢᠭᠠᠬᠠᠨ ᠴᠤ ᠳᠤᠨᠳᠠᠷᠠᠭᠰᠠᠨ ᠦᠭᠡᠢ᠃ ᠡᠶᠢᠮᠦ ᠬᠠᠴᠢᠨ ᠦᠵᠡᠭᠳᠡᠯ ᠳᠤ ᠡᠵᠡᠨ ᠴᠢᠩᠭᠢᠰ ᠡᠷᠬᠡ ᠦᠭᠡᠢ ᠰᠡᠵᠢᠭ ᠭᠠᠶᠢᠬᠠᠰᠢ ᠲᠥᠷᠦᠵᠦ᠂ ᠪᠢᠳᠡᠭᠦᠯᠡᠨ ᠠᠪᠴᠤ ᠣᠣᠭᠤᠵᠤ ᠦᠵᠡᠪᠡᠯ ᠪᠡᠯ ᠪᠤᠷᠠᠮ ᠰᠢᠭ᠋ ᠠᠮᠲᠠᠲᠠᠢ ᠪᠠᠶᠢᠯ᠎ᠠ᠃ ᠲᠡᠭᠡᠭᠡᠳ ᠡᠨᠡ ᠪᠠᠭ᠎ᠠ ᠤᠰᠤᠨ ᠳᠤ ᠡᠲᠡᠭᠡᠳ ᠰᠢᠳᠢ ᠲᠠᠢ ᠶᠢ ᠴᠢᠩᠭᠢᠰ ᠬᠠᠭᠠᠨ ᠮᠡᠳᠡᠭᠡᠳ ᠡᠷᠭᠢᠬᠦ ᠮᠠᠷᠭᠠᠰᠢ ᠶᠢᠨ ᠪᠠᠶᠢᠯᠳᠣᠭᠠᠨ ᠳᠤ ᠡᠷᠬᠡᠪᠰᠢ ᠳᠡᠶᠢᠯᠬᠦ ᠶᠢ ᠪᠡᠯᠭᠡᠳᠡᠵᠦ᠂ ᠬᠤᠩᠭᠤᠷ ᠪᠢᠴᠢᠬᠠᠨ ᠪᠤᠯᠠᠭ ᠢ ︽ᠬᠤᠭᠤᠯᠠᠨ ᠭᠤᠣᠯ︾ ᠭᠡᠵᠦ ᠨᠡᠷᠡᠯᠡᠭᠰᠡᠨ ᠳᠤ ᠬᠤᠷᠣᠮᠬᠠᠨ ᠵᠠᠭᠤᠷ᠎ᠠ ᠣᠷᠭᠢᠯᠤᠨ ᠪᠣᠷᠭᠢᠯᠵᠦ ᠬᠤᠲᠣᠭᠤᠷ ᠢ ᠳᠠᠪᠠᠵᠤ ᠬᠠᠯᠬᠢᠯᠠᠭᠰᠠᠨ ᠭᠡᠨ᠎ᠡ᠃ ᠲᠡᠷᠡ ᠦᠶ᠎ᠡ ᠠᠴᠠ ᠡᠬᠢᠯᠡᠵᠦ᠂ ᠲᠡᠮᠦᠵᠢᠨ ᠤ ᠬᠠᠶᠢᠷᠠᠯᠠᠭᠰᠠᠨ ᠨᠡᠷ᠎ᠡ ᠨᠢ ᠲᠡᠭᠷᠢ ᠶᠢᠨ ᠳᠣᠣᠷ᠎ᠠ ᠳᠠᠭᠤᠷᠢᠰᠴᠠᠢ᠃ ᠬᠤᠵᠢᠮ ᠨᠢ ᠬᠤᠭᠤᠯᠠᠨ ᠭᠡᠳᠡᠭ ᠨᠢ ᠦᠭᠡᠷᠡᠳᠦᠭᠡᠳ ᠬᠤᠯᠠᠨ ᠭᠡᠵᠦ ᠳᠠᠮᠵᠢᠭᠲᠠᠵᠤ᠂ ᠬᠤᠯᠠᠨ ᠨᠢ ᠳᠠᠬᠢᠵᠤ ᠣᠯᠠᠷᠢᠭᠰᠠᠭᠠᠷ ᠬᠤᠣᠯᠢᠨ ᠪᠤᠯᠵᠤ ᠬᠤᠪᠢᠷᠠᠭᠰᠠᠨ ᠪᠦᠭᠡᠳ ᠬᠤᠯᠠ ᠣᠶᠢᠷ᠎ᠠ ᠶᠢᠨ ᠮᠣᠩᠭᠤᠯᠴᠣᠳ ᠲᠤ ᠬᠤᠪᠢᠯᠭᠠᠨ ᠤᠰᠤ ᠪᠠᠷ ᠰᠢᠲᠦᠭᠳᠡᠬᠦ ᠪᠣᠯᠵᠠᠢ ᠭᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号