ᠡᠵᠢ ᠢᠢᠨ ᠮᠢᠨᠢ ᠲᠠᠯᠠᠯᠭᠠᠨ ᠰᠠᠭᠤᠯᠠᠭ᠎ᠠ
ᠨᠡᠶᠢᠲᠡᠯᠡᠭᠰᠡᠨ ᠴᠠᠭ᠄
2025/4/1
   ᠡᠷᠲᠡ ᠳᠡᠭᠡᠨ ᠮᠤᠩᠭᠤᠯ ᠠᠶᠢᠯ ᠤᠳ ᠢᠶᠠᠷ ᠠᠭᠠᠷᠤ ᠽᠠᠨᠲᠠᠨ ᠮᠤᠲᠤᠨ ᠬᠢᠴᠡ ᠲᠠᠢ ᠠᠷᠴᠠ ᠭᠠᠩᠭ᠎ᠠ ᠪᠠᠷ ᠠᠷᠢᠭᠤᠳᠬᠠᠵᠤ ᠬᠡᠷᠡᠭᠯᠡᠲᠡᠭ᠂ ᠬᠤᠨᠢᠨ ᠤ ᠡᠪᠴᠢᠬᠦᠤ ᠵᠡᠷᠭᠡ ᠠᠮᠲᠠ ᠶᠢᠨ ᠤᠭᠢ ᠪᠤᠯᠤᠭᠰᠠᠨ ᠲᠡᠭᠡᠲᠤ ᠢᠲᠡᠭᠡᠨ ᠢᠶᠠᠷ ᠭᠠᠯ ᠲᠠᠬᠢᠯᠭ᠎ᠠ ᠶᠢᠨ ᠲᠠᠯᠠᠯᠭ᠎ᠠ ᠠᠪᠲᠠᠭ ᠲᠤᠰᠬᠠᠢ ᠬᠡᠷᠡᠭᠯᠡᠭᠡᠨ ᠤ ᠲᠠᠯᠠᠯᠭᠠᠨ ᠰᠠᠭᠤᠯᠠᠭ᠎ᠠ ᠪᠠᠶᠢᠲᠠᠭ ᠨᠢ ᠤᠲᠤ ᠪᠤᠲᠤᠬᠤᠯ᠎ᠠ ᠡᠷᠤᠬᠡ ᠭᠡᠷ ᠤᠨ ᠭᠠᠯ ᠭᠤᠯᠤᠮᠲᠠ ᠪᠠᠨ ᠪᠠᠳᠠᠷᠠᠭᠠᠬᠤ᠂ ᠦᠭᠡᠲᠡ ᠮᠦᠷ ᠲᠠᠢ ᠠᠮᠢᠲᠤᠷᠠᠯ ᠤᠶᠢᠯᠠ ᠶᠢᠨ ᠠᠯᠢᠪᠠ ᠰᠠᠶᠢᠨ ᠰᠠᠶᠢᠬᠠᠨ ᠢᠶᠠᠨ ᠲᠠᠭᠠᠳᠬᠠᠬᠤ ᠲᠡᠷᠡᠴᠢᠯᠡᠨ ᠪᠤᠶᠠᠨ ᠬᠤᠷᠢᠶᠠᠬᠤ ᠢᠪᠡᠭᠡᠯ ᠰᠢᠩᠭᠡᠭᠡᠭᠰᠡᠨ ᠬᠠᠶᠢᠷ᠎ᠠ ᠰᠡᠳᠭᠢᠯ ᠤᠨ ᠬᠢᠨᠢ ᠢᠷᠤᠭᠡᠯ ᠵᠦᠩᠨᠡᠯ ᠴᠤ ᠪᠠᠶᠢᠵᠤ ᠲᠠᠭᠠᠷᠠᠨ᠎ᠠ᠃   ᠪᠠᠭ᠎ᠠ ᠪᠠᠶᠢᠬᠤ ᠳᠤ ᠮᠠᠨ ᠤ ᠳᠤ ᠨᠢᠭᠡ ᠬᠥᠷᠡᠩ ᠽᠠᠨᠲᠠᠨ ᠮᠤᠲᠣ ᠪᠠᠷ ᠤᠷᠠᠯᠠᠵᠤ ᠬᠢᠭᠰᠡᠨ ᠭᠤᠷᠪᠠᠨ ᠭᠠᠤᠯᠢᠨ ᠪᠦᠰᠡᠯᠡᠬᠦᠷ ᠴᠠᠭᠠᠷᠢᠭ ᠲᠠᠢ ᠲᠠᠯᠠᠯᠭᠠᠨ ᠰᠠᠭᠤᠯᠠᠭ᠎ᠠ ᠪᠠᠶᠢᠬᠰᠠᠨ ᠶᠣᠮ᠃ ᠵᠤᠨ ᠨᠠᠮᠤᠷ ᠪᠤᠯᠪᠠᠯ ᠡᠵᠢ ᠮᠢᠨᠢ ᠬᠠᠶᠠ ᠳᠠᠭᠠᠨ ᠰᠦ ᠰᠠᠭᠠᠯᠢ ᠬᠢᠵᠤ᠂ ᠤᠬᠢᠶᠡᠵᠤ ᠴᠡᠪᠡᠷᠯᠡᠬᠦ ᠪᠤᠯᠭᠠᠨ ᠭᠠᠯ ᠤᠨ ᠴᠤᠭ ᠲᠡᠭᠡᠷ᠎ᠡ ᠴᠢᠮᠬᠢ ᠬᠢᠷᠢ ᠤᠲᠤᠯᠭ᠎ᠠ ᠲᠠᠯᠪᠢᠨ᠂ ᠲᠤᠲᠤᠷ ᠭᠠᠲᠠᠨ᠎ᠠ ᠦᠭᠡᠢ ᠡᠷᠬᠢᠬᠦᠯᠵᠤ ᠲᠤᠭᠤᠷᠢᠭᠤᠯᠣᠨ ᠭᠠᠶᠢᠭᠤᠢ ᠰᠠᠶᠢᠨ ᠠᠷᠢᠭᠤᠳᠬᠠᠬᠤ ᠪᠦᠭᠡᠳ ᠯᠠ ᠰᠠᠷ᠎ᠠ ᠶᠢᠨ ᠭᠠᠯ ᠤᠨ ᠬᠤᠷᠢᠨ ᠭᠤᠷᠪᠠᠨ ᠠᠴᠠ ᠴᠠᠭᠠᠨ ᠰᠠᠷ᠎ᠠ ᠶᠢᠨ ᠠᠷᠪᠠᠨ ᠲᠠᠪᠤᠨ ᠪᠤᠯᠲᠠᠯ᠎ᠠ ᠲᠠᠩᠰᠤᠭ ᠬᠡᠰᠢᠭ ᠢᠶᠠᠨ ᠬᠤᠷᠦ᠋ᠢᠯᠠᠵᠤ᠂ ᠲᠠᠯᠠᠯᠭᠠᠨ ᠰᠠᠭᠤᠯᠠᠭᠠᠨ ᠤ ᠬᠡᠷᠡᠭᠴᠡᠭᠡ ᠤᠶᠢᠯᠠᠲᠤᠯ ᠲᠤᠵᠢ ᠦᠷᠬᠦᠯᠵᠢᠯᠡᠳᠡᠭ᠃ ᠭᠡᠬᠦ ᠳᠡᠭᠡᠨ ᠦᠷ᠎ᠡ ᠵᠤᠯᠵᠠᠭ᠎ᠠ ᠨᠢ ᠪᠤᠯᠣᠬᠰᠠᠨ ᠪᠢᠳᠡᠨ ᠤ ᠬᠤᠪᠢ ᠳᠤ ᠡᠬᠦᠨ ᠤ ᠲᠤᠬᠠᠢ ᠮᠡᠳᠡᠯᠭᠡ ᠮᠡᠳᠡᠴᠡ ᠮᠡᠬᠦᠰ ᠪᠠᠶᠢᠲᠠᠭ ᠨᠢ ᠠᠴᠢᠷ ᠦᠷ᠎ᠡ ᠳᠡᠭᠡᠨ ᠶᠠᠭᠤ ᠪᠦᠬᠦᠨ ᠢᠶᠠᠨ ᠦᠪᠯᠡᠬᠦᠯᠵᠤ ᠦᠭᠲᠡᠭ ᠠᠴᠢᠯᠠᠯ ᠡᠨᠡᠷᠢᠯ ᠤᠨ ᠲᠡᠭᠷᠢ ᠪᠤᠯᠤᠭᠰᠠᠨ ᠠᠪᠤ ᠡᠵᠢ ᠬᠤᠶᠠᠷ ᠠᠴᠠ ᠪᠠᠨ ᠠᠷᠠᠢ ᠡᠷᠲᠡ ᠬᠠᠭᠠᠴᠠᠵᠤ ᠰᠠᠯᠤᠭᠰᠠᠨ ᠠᠴᠠ ᠪᠤᠯᠤᠭᠰᠠᠨ ᠢ ᠤᠬᠠᠭᠠᠷᠠᠬᠤ ᠲᠤᠲᠣᠮ ᠰᠡᠳᠭᠢᠯ ᠡᠩᠰᠡᠯᠵᠦ ᠬᠦᠨ ᠪᠣᠲᠣᠯᠭᠠᠰᠢᠷᠠᠯ ᠳᠤ ᠣᠨᠠᠨ᠎ᠠ᠃   ᠠᠢ᠂ ᠶᠠᠭᠤ ᠬᠡᠯᠡᠨ᠎ᠡ ᠳ᠋ᠧ︕ ᠠᠮᠢᠲᠤᠷᠠᠯ ᠭᠡᠭᠴᠢ ᠬᠡᠨ ᠳᠤ ᠴᠤ ᠪᠤᠯᠤᠭ ᠵᠢᠷᠲᠢᠨᠴᠤ ᠶᠢᠨ ᠬᠠᠷᠠᠩᠭᠤᠢ ᠪᠦᠷᠤᠭ ᠢ ᠲᠠᠨᠢᠭᠤᠯᠵᠤ ᠪᠠᠶᠢᠬᠤ ᠰᠢᠭ ᠬᠠᠲᠠᠭᠤᠬᠠᠨ ᠵᠢᠮ᠎ᠡ ᠲᠠᠢ ᠪᠠᠶᠢᠲᠠᠭ ᠬᠤᠶᠢᠨ᠎ᠡ᠂ ᠨᠢᠭᠡ ᠦᠶ᠎ᠡ ᠭᠡᠴᠡᠬᠦᠤ ᠴᠢᠩᠭ᠎ᠠ ᠰᠡᠳᠭᠢᠯ ᠤᠨ ᠬᠠᠷᠠᠭᠤᠰᠤᠯ ᠲᠠᠷᠤᠮᠲᠠ ᠪᠠᠷ ᠤᠬᠠᠭ᠎ᠠ ᠮᠡᠲᠡᠷᠡᠯ ᠢᠶᠠᠨ ᠡᠵᠡᠮᠲᠡᠬᠦᠯᠤᠨ ᠶᠠᠪᠤᠬᠤ ᠳᠠᠭᠠᠨ ᠠᠮᠢᠲᠤᠷᠠᠬᠤ ᠶᠢᠨ ᠲᠦᠯᠤᠭᠡᠨ᠎ᠡ ᠵᠢᠳᠬᠦᠵᠤ ᠲᠡᠮᠡᠤᠯᠬᠦ ᠠᠴᠠ ᠦᠬᠡᠷ᠎ᠡ ᠶᠠᠮᠠᠷ ᠴᠤ ᠠᠷᠭ᠎ᠠ ᠦᠭᠡᠢ ᠪᠠᠶᠢᠭᠰᠠᠨ ᠨᠢ ᠶᠠᠭ ᠯᠠ ᠦᠨᠤᠭᠡᠨ ᠤ ᠤᠴᠢᠷ ᠰᠢᠭ᠃ ᠲᠡᠭᠡᠬᠦ ᠳᠤ ᠬᠦᠭᠡᠷᠤᠬᠦᠢ ᠨᠠᠭᠠᠴᠤ ᠮᠢᠨᠢ ᠡᠭᠡᠴᠢ ᠶᠢᠨ ᠢᠶᠠᠨ ᠰᠠᠨᠠᠭ᠎ᠠ ᠵᠢᠷᠤᠮ ᠢ ᠬᠦᠨᠲᠤᠳᠭᠡᠵᠤ᠂ ᠦᠨᠤᠴᠢᠨ ᠬᠤᠴᠤᠷᠤᠭᠰᠠᠨ ᠬᠡᠲᠤᠨ ᠵᠢᠭᠡ ᠳᠡᠭᠡᠨ ᠠᠪᠤ ᠡᠵᠢ ᠶᠢᠨ ᠬᠢᠨᠢ ᠬᠠᠯᠠᠭᠤᠨ ᠪᠦᠯᠢᠶᠡᠨ ᠬᠠᠶᠢᠷ᠎ᠠ ᠶᠢ ᠪᠠᠭ᠎ᠠ ᠴᠤ ᠭᠡᠰᠡᠨ ᠮᠡᠲᠡᠷᠡᠬᠦᠯᠬᠦ ᠶᠢᠨ ᠲᠦᠯᠦᠭᠡ ᠪᠢᠲᠡᠨ ᠢ ᠡᠬᠦᠲᠡᠨ ᠬᠠᠶᠠᠭᠠᠨ ᠳᠠᠭᠠᠨ ᠨᠡᠬᠦᠯᠭᠡᠵᠦ ᠠᠪᠴᠢᠷᠠᠭᠰᠠᠨ ᠶᠤᠮ᠃ ᠢᠩᠬᠢᠭᠡᠳ ᠨᠠᠭᠠᠴᠤ ᠶᠢᠨ ᠢᠶᠠᠨ ᠨᠦᠮᠤᠷᠢ ᠳᠤ ᠨᠢᠭᠡ ᠬᠤᠲᠠ ᠤᠰᠤ ᠪᠠᠷ ᠬᠠᠮᠲᠤ ᠰᠠᠭᠤᠷᠢᠰᠢᠬᠤ ᠪᠤᠯᠤᠭᠰᠠᠨ ᠪᠢᠳᠡ ᠬᠡᠲᠦᠬᠦᠯᠡ ᠶᠡᠭᠡ ᠠᠬ᠎ᠠ ᠶᠢᠨ ᠢᠶᠠᠨ ᠭᠠᠷ ᠲᠡᠭᠡᠷ᠎ᠡ᠂ ᠬᠤᠶᠠᠷ ᠠᠶᠢᠯ ᠤᠨ ᠬᠤᠭᠤᠷᠤᠨᠲᠤ ᠨᠠᠭᠠᠰᠢ ᠴᠠᠭᠠᠰᠢ ᠶᠠᠪᠤᠨ ᠠᠮᠢᠲᠤᠷᠠᠬᠤ ᠪᠤᠯᠤᠭᠰᠠᠨ ᠪᠢᠯᠡ᠃   ᠤᠲᠣᠮ ᠲᠡᠭᠡᠲᠤ ᠶᠢᠨ ᠪᠠᠭᠤᠴᠠ ᠰᠠᠭᠤᠷᠢ ᠪᠠᠨ ᠮᠠᠨᠠᠵᠤ ᠬᠤᠴᠤᠷᠤᠭᠰᠠᠨ ᠶᠡᠭᠡ ᠡᠭᠡᠴᠢ ᠮᠢᠨᠢ ᠨᠢᠭᠡ ᠡᠳᠦᠷ ᠨᠠᠮᠠᠢᠢ ᠲᠠᠭᠤᠲᠠᠵᠤ᠄ ︽ᠡᠵᠢ ᠶᠢᠨ ᠡᠨᠡ ᠲᠠᠯᠠᠯᠭᠠᠨ ᠰᠠᠭᠤᠯᠠᠭ᠎ᠠ ᠶᠢ ᠴᠢᠮ᠎ᠠ ᠳᠤ ᠦᠭᠬᠦᠶ᠎ᠡ︕ ᠴᠢ ᠡᠬᠦᠨ ᠢ ᠮᠡᠲᠡᠵᠤ ᠪᠠᠶᠢᠨ᠎ᠠ ᠤᠤ︖ ᠮᠠᠨ ᠤ ᠬᠦᠳᠡᠭᠡ ᠴᠢᠨᠢ ᠡᠬᠦᠲᠡ ᠬᠠᠭᠠᠯᠭ᠎ᠠ ᠪᠠᠨ ᠤᠨᠢᠰᠤᠯᠠᠵᠤ ᠴᠤᠤᠵᠢᠯᠠᠬᠤ ᠶᠢ ᠪᠠᠷᠤᠭ ᠮᠡᠲᠡᠬᠦ ᠪᠠᠨ ᠪᠠᠶᠢᠭᠰᠠᠨ ᠰᠢᠤ᠃ ᠬᠡᠤᠬᠡᠳ ᠤᠳ ᠮᠠᠯ ᠬᠠᠷ᠎ᠠ ᠭᠡᠳ ᠶᠠᠪᠤᠵᠤ ᠰᠠᠭᠤᠬᠤ ᠳᠠᠭᠠᠨ ᠡᠬᠦᠲᠡ ᠬᠠᠭᠠᠯᠭ᠎ᠠ ᠪᠠᠨ ᠵᠠᠲᠠᠭᠠᠢ ᠬᠠᠶᠠᠵᠤ ᠪᠠᠶᠢᠭᠠᠳ ᠡᠵᠢ ᠶᠢᠨ ᠮᠢᠨᠢ ᠡᠨᠡ ᠰᠠᠭᠤᠯᠠᠭ᠎ᠠ ᠶᠢ ᠠᠯᠲᠠᠵᠤ ᠭᠡᠭᠡᠴᠢᠬᠡᠪᠡᠯ᠂ ᠬᠠᠷᠢᠨ ᠬᠠᠷᠠᠯᠠᠭᠰᠠᠨ ᠬᠡᠷᠡᠭ ᠪᠤᠯᠤᠨ᠎ᠠ ᠰᠢᠤ︕︾ ᠭᠡᠵᠤ ᠬᠡᠯᠡᠬᠦ ᠳᠤ ᠪᠢ ᠰᠠᠶ᠋ᠢ ᠤᠬᠠᠭᠠᠷᠠᠵᠤ᠂ ᠪᠠᠭ᠎ᠠ ᠨᠠᠰᠤᠨ ᠤ ᠲᠠᠨᠢᠯ ᠲᠠᠰᠤᠯ ᠪᠤᠯᠵᠤ ᠢᠷᠡᠭᠰᠡᠨ ᠡᠨᠡ ᠲᠠᠯᠠᠯᠭᠠᠨ ᠰᠠᠭᠤᠯᠠᠭ᠎ᠠ ᠶᠠᠭᠤ ᠨᠢᠭᠡ ᠶᠢ ᠤᠴᠢᠷᠯᠠᠬᠤ ᠰᠢᠤᠬᠠᠨ ᠦᠷᠤᠴᠡᠨ ᠤ ᠬᠠᠯᠠᠭᠤᠨ ᠬᠠᠶᠢᠷ᠎ᠠ ᠶᠢ ᠡᠷᠬᠡ ᠦᠭᠡᠢ ᠡᠵᠡᠮᠲᠡᠭᠰᠡᠨ ᠪᠠᠶᠢᠯ᠎ᠠ᠃ ᠪᠢ ᠭᠡᠰᠡᠭ ᠲᠤᠭᠤᠢ ᠰᠠᠭᠤᠭᠰᠠᠨ ᠢᠶᠠᠨ᠄   — ᠪᠢ ᠴᠤ ᠪᠠᠰᠠ ᠴᠢᠮ᠎ᠠ ᠲᠠᠢ ᠠᠲᠠᠯᠢ ᠬᠦᠤ ᠦᠭᠡᠢ ᠬᠦᠮᠤᠨ ᠪᠤᠯᠬᠤᠷ ᠪᠤᠶᠠᠨᠲᠤ ᠪᠤᠭᠤᠷᠤᠯ ᠤᠳ ᠤᠨ ᠮᠠᠨᠢ ᠠᠪᠢᠰᠢᠭ ᠰᠢᠩᠭᠡᠭᠡᠭᠰᠡᠨ ᠡᠨᠡ ᠲᠠᠯᠠᠯᠭᠠᠨ ᠰᠠᠭᠤᠯᠠᠭ᠎ᠠ ᠶᠢ ᠠᠪᠤᠭᠠᠳ ᠶᠠᠭᠠᠬᠢᠨ᠎ᠠ ᠳ᠋ᠠ᠂ ᠬᠠᠷᠢᠨ ᠡᠬᠦᠨ ᠢᠶᠠᠨ ᠰᠠᠶᠢᠬᠠᠨ ᠬᠠᠲᠠᠭᠠᠯᠠᠵᠤ ᠪᠠᠶᠢᠭᠠᠳ ᠶᠡᠭᠡ ᠠᠬ᠎ᠠ ᠶᠢᠨ ᠬᠦᠤ ᠭᠡᠷᠯᠡᠬᠦ ᠦᠶ᠎ᠡ ᠳᠤ ᠭᠡᠷ ᠮᠢᠯᠢᠶᠠᠬᠤ ᠪᠡᠯᠡᠭ ᠢᠶᠠᠷ ᠦᠭᠴᠤ ᠶᠠᠪᠤᠭᠤᠯᠪᠠᠯ᠂ ᠮᠠᠰᠢ ᠰᠠᠶᠢᠬᠠᠨ ᠤᠴᠢᠷ ᠠᠭᠤᠯᠭ᠎ᠠ ᠲᠠᠢ ᠬᠦᠨᠲᠤ ᠶᠤᠰᠤ ᠪᠤᠯᠬᠤ ᠪᠢᠰᠢᠤ⁈ ᠭᠡᠵᠤ ᠰᠠᠨᠠᠭᠤᠯᠬᠤ ᠳᠤ ᠡᠭᠡᠴᠢ ᠮᠢᠨᠢ ᠰᠢᠭᠤᠳ᠄   — ᠠᠢ᠂ ᠴᠢ ᠮᠡᠲᠡᠬᠦ ᠦᠭᠡᠢ ᠪᠠᠶᠢᠨ᠎ᠠ᠃ ᠤᠷᠴᠢᠮ ᠤᠨ ᠠᠷᠪᠠᠭᠠᠳ ᠵᠢᠯ ᠤᠨ ᠲᠤᠷᠰᠢ ᠡᠨᠡ ᠰᠠᠭᠤᠯᠠᠭᠠᠨ ᠳᠤ ᠨᠢᠲᠣ ᠰᠡᠳᠭᠢᠯ ᠪᠤᠯᠤᠭᠰᠠᠨ ᠬᠦᠮᠤᠨ ᠬᠠᠷ᠎ᠠ ᠶᠢ ᠬᠡᠯᠡᠬᠦ ᠶᠢᠨ ᠠᠷᠭ᠎ᠠ ᠦᠭᠡᠢ ᠪᠤᠯᠤᠭᠰᠠᠨ ᠰᠢᠤ᠂ ᠵᠠᠷᠢᠮ ᠨᠢ ᠪᠠᠰᠠ ᠮᠦᠩᠬᠦ ᠲᠦᠬᠦᠷᠢᠭ ᠥᠭᠴᠦ ᠬᠤᠲᠠᠯᠲᠤᠵᠤ ᠠᠪᠬᠤ ᠪᠠᠷ ᠠᠮᠠ ᠨᠡᠭᠡᠭᠡᠵᠤ ᠴᠤ ᠪᠠᠶᠢᠭᠰᠠᠨ᠂ ᠰᠡᠬᠦᠯᠲᠡᠵᠤ ᠢᠷᠡᠭᠡᠳ ᠪᠢ ᠪᠦᠷ ᠲᠠᠯᠲᠡ ᠬᠢᠵᠤ ᠭᠠᠷᠭᠠᠬᠤ ᠪᠠᠨ ᠪᠤᠯᠢᠭᠰᠠᠨ ᠶᠤᠮ᠂ ᠶᠠᠭᠤ ᠴᠤ ᠭᠡᠰᠡᠨ ᠠᠪᠠᠴᠢᠭᠠᠳ ᠭᠡᠷ ᠲᠡᠭᠡᠨ ᠰᠠᠶᠢᠬᠠᠨ ᠬᠠᠲᠠᠭᠠᠯᠠᠵᠤ ᠪᠠᠶᠢᠭᠠᠷᠠᠢ ᠭᠡᠯ᠎ᠡ᠃   ᠨᠠᠮᠠᠢᠢ ᠰᠠᠭᠤᠯᠠᠭ᠎ᠠ ᠠᠪᠤᠭᠠᠳ ᠢᠷᠡᠬᠦ ᠳᠤ ᠡᠬᠡᠨᠡᠷ ᠭᠡᠤᠭᠡᠳ ᠮᠢᠨᠢ᠄ ︽ᠡᠨᠡ ᠴᠢᠨᠢ ᠶᠠᠭᠤᠨ ᠰᠠᠭᠤᠯᠠᠭ᠎ᠠ ᠪᠣᠯᠴᠢᠬᠠᠬᠤ ᠪᠤᠢ︖ ᠬᠡᠨ ᠤ ᠬᠢ ᠶᠤᠮ᠂ ᠬᠠᠮᠢᠭ᠎ᠠ ᠠᠴᠠ ᠨᠢ ᠡᠶᠢᠮᠦ ᠨᠢᠭᠡᠨ ᠵᠢᠭᠲᠡᠶᠢᠬᠡᠨ ᠰᠠᠶᠢᠬᠠᠨ ᠶᠠᠭᠤᠮ᠎ᠠ ᠠᠪᠤᠭᠠᠳ ᠢᠷᠡᠪᠡ︖ ᠶᠠᠮᠠᠷ ᠬᠦᠭᠡᠷᠤᠬᠦᠨ ᠶᠤᠮ᠂ ᠦᠵᠡᠬᠦ ᠳᠤ ᠮᠠᠰᠢ ᠡᠷᠲᠡᠨ ᠤ ᠶᠠᠭᠤᠮ᠎ᠠ ᠶᠤᠮ ᠰᠢᠭ ᠬᠠᠷᠠᠭᠲᠠᠭᠠᠳ ᠪᠠᠶᠢᠨ᠎ᠠ︾ ᠬᠡᠮᠡᠨ ᠠᠮᠠ ᠠᠮᠠ ᠪᠠᠷ ᠢᠶᠠᠨ ᠡᠷᠡᠤᠲᠡᠨ᠎ᠠ᠃ ᠪᠢ ᠬᠤᠶᠠᠷ ᠭᠡᠤᠭᠡᠨ ᠳᠡᠭᠡᠨ᠄ ︽ᠠᠪᠠᠭ᠎ᠠ ᠡᠵᠢ ᠴᠢᠨᠢ ᠦᠭᠬᠦᠭᠰᠡᠨ ᠶᠣᠮ᠃ ᠡᠮᠡᠭᠡ ᠶᠢᠨ ᠴᠢᠨᠢ ᠵᠠᠷᠤᠵᠤ ᠪᠠᠶᠢᠭᠰᠠᠨ ᠰᠠᠭᠤᠯᠠᠭ᠎ᠠ᠃ ᠨᠠᠮᠠᠢᠢ ᠪᠠᠭ᠎ᠠ ᠪᠠᠶᠢᠬᠤ ᠳᠤ ᠮᠠᠨ ᠤ ᠳᠤ ᠡᠶᠢᠮᠦ ᠨᠢᠭᠡ ᠲᠠᠯᠠᠯᠭᠠᠨ ᠰᠠᠭᠤᠯᠠᠭ᠎ᠠ ᠪᠠᠶᠢᠭᠰᠠᠨ ᠢ ᠰᠠᠨᠠᠵᠤ ᠪᠠᠶᠢᠨ᠎ᠠ᠂ ᠤᠯᠵᠣ ᠬᠠᠷᠠᠭ᠎ᠠ ᠦᠭᠡᠢ ᠪᠠᠷᠤᠭ ᠭᠤᠴᠢ ᠭᠠᠷᠤᠢ ᠵᠢᠯ ᠪᠤᠯᠵᠠᠢ᠃ ᠡᠨᠡ ᠴᠢᠨᠢ ᠮᠠᠨ ᠤ ᠤᠲᠣᠮ ᠤᠨ ᠴᠤᠬᠤᠮ ᠨᠢᠭᠡ ᠬᠤᠪᠤᠷ ᠡᠷᠲᠡᠨᠢ᠂ ᠶᠠᠭᠠᠬᠢᠭᠰᠠᠨ ᠰᠠᠶᠢᠬᠠᠨ ᠡᠭᠡᠯᠢᠲᠠᠢ ᠬᠠᠷᠠᠭᠲᠠᠵᠤ ᠪᠠᠶᠢᠨ᠎ᠠ︾ ᠭᠡᠵᠤ ᠶᠡᠭᠡ ᠯᠠ ᠶᠠᠭᠤᠮ᠎ᠠ ᠮᠡᠲᠡᠲᠡᠭ ᠬᠦᠮᠤᠨ ᠤ ᠲᠦᠷᠢ ᠭᠠᠷᠭᠠᠨ᠂ ᠲᠤᠭᠲᠤᠯᠵᠤ ᠪᠠᠶᠠᠷᠯᠠᠭᠰᠠᠨ ᠰᠡᠳᠭᠢᠯ ᠢᠶᠠᠨ ᠲᠠᠷᠤᠵᠤ ᠶᠠᠲᠠᠨ ᠨᠢᠭᠡᠨ ᠵᠡᠷᠭᠡ ᠲᠠᠶᠢᠯᠪᠤᠷᠢᠯᠠᠵᠤ ᠬᠡᠯᠡᠬᠦ ᠳᠤ ᠡᠬᠡᠨᠡᠷ ᠮᠢᠨᠢ ᠡᠯᠬᠦᠵᠤ ᠠᠪᠤᠭᠠᠳ᠄ ︽ᠡᠨᠡ ᠦᠨᠡᠬᠡᠷ ᠲᠡᠭᠡᠲᠤ ᠶᠢᠨ ᠤᠲᠣᠮ ᠤᠨ ᠴᠢᠨᠢ ᠡᠷᠲᠡᠨ ᠤ ᠡᠳ᠋ ᠪᠠᠶᠢᠨ᠎ᠠ ᠰᠢᠤ᠂ ᠲᠡᠭᠡᠷ᠎ᠡ ᠰᠢᠭ ᠭᠠᠵᠠᠷ ᠲᠠᠯᠪᠢᠵᠤ ᠰᠠᠶᠢᠬᠠᠨ ᠬᠠᠲᠠᠭᠠᠯᠠᠶ᠎ᠠ︕︾ ᠭᠡᠳ ᠰᠠᠭᠤᠯᠠᠭᠠᠨ ᠳᠤ ᠤᠭᠤᠲᠠ ᠲᠠᠢ ᠰᠦ᠂ ᠴᠢᠪᠠᠭ᠎ᠠ ᠰᠢᠬᠢᠷ ᠵᠡᠷᠭᠡ ᠢᠲᠡᠭᠡᠨ ᠤᠮᠲᠠᠭᠠᠨ ᠬᠢᠵᠦ᠂ ᠠᠪᠲᠠᠷ᠎ᠠ ᠲᠡᠭᠡᠷ᠎ᠡ ᠲᠠᠯᠪᠢᠬᠤ ᠳᠠᠭᠠᠨ ᠴᠡᠩᠬᠡᠷ ᠦᠩᠬᠡ ᠶᠢᠨ ᠬᠠᠲᠠᠭ ᠢᠶᠠᠷ ᠲᠤᠰᠬᠠᠢ ᠰᠡᠨᠵᠢ ᠲᠠᠮᠤᠵᠣ ᠬᠢᠭᠰᠡᠨ ᠢᠶᠠᠷ ᠤᠯᠠᠮ ᠴᠤ ᠦᠩᠬᠡ ᠲᠦᠷᠰᠤ ᠤᠷᠤᠭᠰᠠᠨ ᠰᠢᠭ ᠭᠤᠴᠤ ᠰᠠᠶᠢᠬᠠᠨ ᠬᠠᠷᠠᠬᠲᠠᠪᠠ᠃ ᠲᠡᠬᠦᠨ ᠠᠴᠠ ᠬᠤᠶᠢᠰᠢ ᠮᠠᠨ ᠤ ᠳᠤ ᠤᠷᠤᠵᠤ ᠢᠷᠡᠬᠦ ᠬᠦᠮᠤᠰ ᠡᠨᠡ ᠲᠠᠯᠠᠯᠭᠠᠨ ᠰᠠᠭᠤᠯᠠᠭᠠᠨ ᠳᠤ ᠨᠢᠲᠣ ᠬᠠᠶᠠᠬᠤ ᠪᠤᠯᠵᠤ᠂ ᠭᠠᠶᠢᠬᠠᠵᠤ ᠰᠤᠨᠢᠷᠬᠠᠨ ᠤᠭᠤᠴᠢᠯᠠᠵᠤ ᠠᠰᠠᠭᠤᠬᠤ ᠬᠦᠮᠤᠨ ᠴᠤ ᠤᠯᠠᠰᠢᠷᠠᠨ᠂ ᠪᠠᠰᠠ ᠵᠠᠷᠢᠮ ᠨᠢ ᠬᠡᠷᠡᠭ ᠪᠤᠯᠭᠠᠨ ᠡᠷᠬᠢᠬᠦᠯᠵᠤ ᠲᠤᠭᠤᠷᠢᠭᠤᠯᠤᠨ ᠦᠵᠡᠬᠦ ᠳᠡᠭᠡᠨ᠄ ︽ᠬᠦᠶ᠋ᠢ︕ ᠡᠬᠦᠨ ᠢ ᠢᠩᠬᠢᠵᠤ ᠬᠠᠲᠠᠭᠠᠯᠠᠵᠤ ᠪᠤᠯᠬᠤ ᠦᠭᠡᠢ ᠰᠢᠤ᠂ ᠮᠤᠲᠤᠨ ᠰᠠᠪᠠ ᠶᠢ ᠶᠡᠷᠤ ᠨᠢ ᠰᠢᠩᠭᠡᠨ ᠶᠠᠭᠤᠮ᠎ᠠ ᠬᠢᠬᠦ ᠦᠭᠡᠢ ᠬᠠᠭᠤᠷᠠᠢ ᠪᠠᠷ ᠤᠷᠲᠤ ᠬᠤᠭᠤᠴᠠᠭ᠎ᠠ ᠲᠠᠯᠪᠢᠬᠤ ᠳᠤ ᠬᠦᠷᠪᠡᠯ ᠤᠲᠠᠭᠠᠨ ᠳᠠᠭᠠᠨ ᠬᠠᠭᠰᠠᠵᠤ ᠱᠦᠬᠦᠬᠦᠷ ᠰᠢᠨᠠᠭ᠎ᠠ ᠰᠢᠬ ᠭᠤᠵᠢᠬᠢᠨᠠᠬᠤ ᠪᠤᠯᠵᠤ᠂ ᠮᠤᠲᠣ ᠨᠢ ᠠᠷᠪᠠᠨ ᠲᠡᠶᠢᠰᠢ ᠪᠠᠨ ᠰᠠᠯᠵᠤ ᠪᠤᠲᠠᠷᠠᠨ ᠠᠪᠬᠤ ᠶᠢᠨ ᠠᠷᠭ᠎ᠠ ᠦᠭᠡᠢ ᠶᠠᠭᠤᠮ᠎ᠠ ᠪᠤᠯᠤᠨ᠎ᠠ ᠰᠢᠤ︾ ᠬᠡᠮᠡᠨ ᠠᠷᠭ᠎ᠠ ᠰᠠᠮᠪᠠᠭ᠎ᠠ ᠵᠢᠭᠠᠵᠤ ᠰᠠᠨᠠᠭᠤᠯᠲᠠᠬ᠃ ᠲᠡᠭᠡᠭᠡᠳ ᠨᠠᠰᠤᠲᠠᠨ ᠪᠤᠭᠤᠷᠤᠯ ᠠᠴᠠ ᠠᠰᠠᠭᠤᠵᠤ ᠰᠣᠷᠠᠵᠦ ᠪᠠᠶᠢᠭᠠᠳ ᠦᠨᠤᠬᠢ ᠰᠠᠭᠤᠯᠠᠭᠠᠨ ᠤ ᠪᠠᠨ ᠬᠠᠭᠰᠠᠭ᠎ᠠ ᠶᠢ ᠭᠠᠷᠭᠠᠨ᠂ ᠲᠠᠷᠠᠭ ᠢᠰᠭᠡᠵᠤ ᠤᠤᠭᠤᠬᠤ ᠪᠣᠯᠪᠠ᠃ ᠶᠠᠭᠤᠮ᠎ᠠ ᠭᠡᠲᠡᠭ ᠴᠢᠨᠢ ᠶᠡᠷᠤᠲᠡᠭᠡᠨ ᠵᠠᠷᠤᠵᠤ ᠬᠡᠷᠡᠭᠯᠡᠬᠦ ᠲᠤᠲᠤᠮ ᠦᠨᠡᠬᠡᠷ ᠤᠭ ᠬᠡᠪ ᠨᠠᠮᠪᠠ ᠳᠠᠭᠠᠨ ᠤᠷᠣᠲᠠᠭ ᠶᠤᠮ ᠪᠠᠶᠢᠨ᠎ᠠ᠃ ᠲᠡᠭᠡᠭᠡᠳ ᠪᠦᠷ ᠬᠤᠪᠤᠷ ᠴᠤᠬᠠᠭ ᠡᠷᠲᠡᠨ ᠤ ᠡᠳ᠋ ᠦᠯᠤᠭ ᠤᠨ ᠬᠤᠪᠢ ᠪᠠᠷ ᠦᠤᠬᠡ ᠲᠡᠤᠬᠡ ᠪᠠᠨ ᠬᠦᠤᠷᠨᠢᠵᠤ ᠪᠠᠶᠢᠮᠠᠷᠬᠠᠨ ᠰᠡᠳᠭᠢᠯ ᠳᠤ ᠶᠡᠭᠡ ᠬᠠᠯᠠᠭᠤᠨ ᠲᠤᠲᠤᠨᠤ ᠰᠠᠨᠠᠭᠲᠠᠬᠤ ᠪᠣᠯᠪᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号