— ᠮᠠᠷᠭᠠᠰᠢ ᠬᠡᠳᠤ ᠭᠡᠵᠤ ᠬᠦᠳᠡᠯᠬᠦ ᠤᠤ︖ | — ᠦᠷᠯᠦᠭᠡᠨ ᠤ ᠰᠡᠷᠢᠭᠦᠨ ᠳᠤ ᠲᠦᠰᠦᠲᠡᠢ ᠬᠦᠳᠡᠯᠪᠡᠯ ᠵᠠᠮ ᠬᠤᠷᠤᠭᠠᠬᠤ ᠨᠢ ᠢᠯᠡᠭᠦᠦ ᠪᠠᠶᠢᠬ᠎ᠠ ᠁ | ᠮᠢᠩᠭᠠᠨ ᠭᠠᠵᠠᠷ ᠤᠨ ᠠᠯᠤᠰ ᠲᠤ ᠪᠠᠶᠢᠭ᠎ᠠ ᠨᠤᠲᠤᠭ ᠢᠶᠠᠨ ᠵᠤᠷᠢᠬᠤ ᠶᠢᠨ ᠡᠮᠤᠨ᠎ᠡ ᠤᠷᠤᠢ ᠠᠪᠤ ᠡᠵᠢ ᠪᠢᠳᠡ | ᠭᠤᠷᠪᠠᠭᠤᠯᠠ ᠶᠢᠨ ᠳᠠᠩᠳᠠ ᠶᠠᠷᠢᠯᠴᠠᠳᠠᠭ ᠵᠣᠭᠤᠬ ᠭᠡᠵᠤ ᠡᠨᠡ ᠳᠤ᠃ ᠦᠷ᠎ᠡ ᠶᠢᠨ ᠭᠠᠭᠴᠠ ᠵᠢᠯᠤᠭᠤᠴᠢ | ᠭᠡᠦᠭᠡᠨ ᠢᠶᠠᠨ ᠨᠠᠷᠠ ᠬᠠᠯᠠᠬᠤ ᠠᠴᠠ ᠡᠮᠤᠨ᠎ᠡ ᠵᠤᠷᠢᠭᠰᠠᠨ ᠭᠠᠵᠠᠷ ᠲᠠᠭᠠᠨ ᠤᠴᠢᠴᠢᠬᠠᠪᠠᠯ ᠵᠦᠳᠡᠷᠡᠬᠦ ᠦᠭᠡᠢ ᠪᠠᠶᠢᠯᠬᠦᠢ | ᠭᠡᠵᠦ ᠪᠤᠳᠤᠭᠰᠠᠨ ᠤ ᠬᠢ ᠤᠤ ᠡᠰᠡᠬᠦᠯ᠎ᠡ 92 ᠤᠨ ᠦᠨᠳᠦᠷ ᠨᠠᠰᠤ ᠶᠢ ᠵᠤᠭᠤᠭᠯᠠᠭᠰᠠᠨ ᠪᠤᠶᠠᠨᠳᠠᠢ ᠪᠤᠭᠤᠷᠤᠯ | ᠡᠵᠢ ᠲᠠᠢ ᠪᠠᠨ ᠬᠤᠷᠳᠤᠬᠠᠨ ᠵᠤᠯᠭᠠᠬᠤ ᠶᠤᠮᠰᠠᠨ ᠭᠡᠵᠤ ᠬᠦᠰᠡᠨ ᠮᠦᠷᠦᠭᠡᠳᠦᠭᠰᠡᠨ ᠬᠦᠦ ᠶᠢᠨ ᠰᠡᠳᠭᠢᠯ ᠴᠤ ᠪᠠᠶᠢᠭ᠎ᠠ | ᠪᠤᠯᠪᠠ ᠤᠤ ᠭᠡᠵᠤ ᠪᠢ ᠰᠡᠮᠬᠡᠨ ᠪᠤᠳᠤᠯ᠎ᠠ᠃ | ᠬᠦᠬᠡᠬᠤᠲᠠ ᠠᠴᠠ ᠠᠪᠠᠭ᠎ᠠ ᠬᠤᠰᠢᠭᠤ ᠬᠦᠷᠲᠡᠯ᠎ᠡ 550 ᠭᠠᠷᠤᠢ ᠺᠢᠯᠦᠮᠤᠳ᠋ᠷ ᠵᠠᠢ ᠲᠠᠢ᠂ ᠠᠪᠤ ᠡᠵᠢ ᠪᠢᠳᠠ | ᠭᠤᠷᠪᠠᠭᠤᠯᠠ ᠡᠨᠡ ᠵᠠᠮ ᠢᠶᠠᠷ ᠵᠦᠩᠳᠡᠭᠡᠨ ᠶᠠᠪᠤᠭᠰᠠᠨ᠃ ᠡᠨᠡ ᠤᠳᠠᠭ᠎ᠠ ᠮᠦᠨ ᠯᠡ ᠪᠤᠭᠳᠠ ᠠᠭᠤᠯᠠ ᠶᠢᠨ ᠢᠶᠠᠨ | ᠡᠭᠦᠯᠡᠨ ᠰᠠᠴᠤᠭ ᠲᠤ ᠲᠠᠯᠠᠯᠤᠭᠤᠯᠵᠦ᠂ ᠤᠶᠢᠳᠠᠢ ᠶᠠᠳᠠᠷᠠᠭ᠎ᠠ ᠲᠠᠢ ᠠᠵᠢᠯ ᠤᠨ ᠴᠢᠭᠳᠠᠭᠠᠨ ᠠᠴᠠ ᠠᠯᠳᠠᠭᠤᠷᠠᠵᠦ᠂ | ᠬᠤᠨᠤᠭ ᠲᠤᠭᠠᠯᠠᠨ ᠬᠦᠯᠢᠶᠡᠭᠰᠡᠨ ᠨᠠᠭᠠᠳᠤᠮ ᠤᠨ ᠴᠡᠩᠭᠡᠭᠦᠨ ᠳᠤ ᠪᠠᠶᠠᠰᠬᠤ ᠪᠠᠷ ᠠᠪᠤ ᠡᠵᠢ ᠪᠢᠳᠠ ᠭᠤᠷᠪᠠ | ᠨᠤᠲᠤᠭ ᠤᠨ ᠢᠶᠠᠨ ᠵᠦᠭ ᠰᠠᠯᠬᠢ ᠳᠠᠳᠠᠭᠤᠯᠤᠨ ᠭᠠᠯᠭᠢᠭᠤᠯᠤᠯᠠ᠃ ᠬᠦᠭᠰᠡᠯ ᠢᠶᠠᠨ ᠲᠠᠷᠤᠵᠦ ᠶᠠᠳᠠᠭᠰᠠᠨ ᠮᠠᠨ ᠤ | ᠭᠤᠷᠪᠠ ᠤᠯᠠᠨ ᠰᠢᠪᠠᠭᠤ ᠨᠢᠭᠡ ᠨᠠᠭᠤᠷ ᠲᠤ ᠪᠠᠭᠤᠭᠰᠠᠨ ᠬᠡᠮᠡᠷ ᠦᠪᠡᠷ ᠦᠪᠡᠷ ᠤᠨ ᠬᠢ ᠪᠠᠨ ᠶᠠᠷᠢᠵᠦ ᠲᠦᠷᠬᠢᠯᠳᠦᠨ᠂ | ᠲᠠᠯᠠᠨ ᠬᠠᠷ᠎ᠠ ᠶᠢ ᠲᠠᠪᠠᠨ᠂ ᠤᠯᠠᠭᠠᠨᠬᠤᠸᠠ ᠶᠢ ᠦᠩᠭᠡᠷᠡᠭᠡᠳ ᠰᠠᠶᠢᠬᠠᠨᠳᠠᠯ᠎ᠠ ᠬᠦᠷᠬᠦ ᠲᠠᠢ ᠵᠡᠷᠭᠡ ᠨᠠᠮᠤᠷ ᠤᠨ ᠬᠦᠭᠡ | ᠠᠷᠭᠠᠯ ᠭᠡᠮᠡᠷ ᠬᠠᠶᠠ ᠠᠳᠡ ᠲᠡᠨᠳᠡ ᠬᠠᠷᠠᠭᠳᠠᠬᠤ ᠪᠤᠳᠠ ᠰᠤᠨᠳᠤᠤᠯᠠ ᠠᠴᠠ ᠦᠭᠡᠷ᠎ᠡ ᠨᠤᠭᠤᠭᠠᠨ ᠶᠠᠭᠤᠮ᠎ᠠ ᠲᠡᠮᠡᠢ | ᠬᠠᠷᠠᠭᠳᠠᠬᠤ ᠦᠭᠡᠢ ᠭᠠᠩ ᠲᠠᠢ ᠵᠤᠨ ᠤ ᠲᠠᠯ᠎ᠠ ᠶᠢ ᠬᠠᠷᠠᠭᠠᠳ ᠬᠤᠷᠤᠮᠬᠠᠨ ᠵᠠᠭᠤᠷ᠎ᠠ ᠨᠠᠮ ᠤᠴᠢᠪᠠ᠃ ᠭᠠᠶᠢᠬᠠᠰᠢᠷᠠᠯ | ᠪᠤᠶᠤ ᠤᠢ ᠭᠠᠰᠢᠭᠤ ᠭᠡᠨ ᠭᠡᠨ ᠤ ᠬᠢᠨᠢ ᠴᠢᠷᠠᠢ ᠲᠡᠭᠡᠷ᠎ᠡ ᠢᠯᠡ᠃ ᠲᠡᠯᠭᠡᠷ ᠵᠤᠨ ᠤ ᠨᠠᠮᠢᠷᠠᠭ᠎ᠠ ᠬᠤᠷ᠎ᠠ ᠶᠢᠨ ᠪᠤᠭᠤᠷᠤᠯ | ᠲᠤᠰᠤᠯ ᠢ ᠴᠡᠴᠡᠭᠡᠰ ᠢᠶᠠᠷ ᠢᠶᠠᠨ ᠲᠤᠰᠤᠨ ᠮᠦᠩᠭᠡ ᠬᠦᠭᠡ ᠲᠡᠭᠷᠢ ᠶᠢᠨ ᠢᠶᠠᠨ ᠲᠤᠤᠷ᠎ᠠ ᠠᠭᠤᠵᠢᠷᠠᠨ ᠨᠠᠯᠠᠶᠢᠳᠠᠭ | ᠴᠡᠩᠭᠡᠷ ᠬᠠᠩᠭᠠᠢ ᠲᠠᠮᠤᠴᠢ ᠶᠢᠨ ᠲᠠᠯ᠎ᠠ ᠡᠳᠦᠭᠡ ᠨᠤᠷᠮᠠᠨ ᠭᠠᠯ ᠤᠨ ᠢᠯᠴᠢ ᠲᠠᠢ ᠴᠤᠭ ᠰᠢᠬ ᠤᠯᠠᠭᠠᠨ ᠬᠠᠯᠴᠠᠭᠠᠢ᠃ | — ᠳᠠᠯ᠎ᠠ ᠨᠠᠶᠠᠭᠠᠳ ᠤᠨ ᠤ ᠦᠶ᠎ᠡ ᠪᠠᠷ ᠬᠦᠬᠡᠬᠤᠲᠠ ᠠᠴᠠ ᠭᠤᠷᠪᠠ ᠳᠦᠷᠪᠡᠨ ᠡᠳᠦᠷ ᠶᠠᠪᠤᠵᠤ ᠪᠠᠶᠢᠮᠠᠨᠵᠢᠨ | ᠰᠠᠶ᠋ᠢ ᠨᠤᠲᠤᠭ ᠬᠦᠷᠳᠡᠭ ᠪᠠᠶᠢᠭᠰᠠᠨ᠂ ᠤᠳᠤ ᠴᠤ ᠡᠳᠦᠷ ᠤᠨ ᠵᠠᠮ ᠪᠤᠯᠴᠢᠬᠠᠵᠠᠢ ᠭᠡᠵᠤ ᠠᠪᠤ ᠮᠢᠨᠢ ᠵᠠᠯᠠᠭᠤ ᠶᠢᠨ | ᠦᠶ᠎ᠡ ᠪᠠᠨ ᠳᠤᠷᠠᠰᠤᠨ ᠶᠠᠷᠢᠵᠦ᠂ ᠨᠠᠮ ᠬᠦᠮ ᠪᠠᠶᠢᠳᠠᠯ ᠢ ᠡᠪᠳᠡᠪᠡᠯ᠂ ᠡᠵᠢ᠄ | — ᠬᠤᠵᠢᠷ ᠤᠨ ᠠᠭᠤᠷᠬᠠᠢ ᠠᠴᠠ ᠵᠠᠭᠠᠨ ᠤ ᠬᠤᠰᠢᠭᠤ ᠤᠷᠤᠲᠠᠯ᠎ᠠ ᠶᠡᠭᠡ ᠴᠤ ᠶᠠᠪᠤᠳᠠᠭ ᠪᠠᠶᠢᠯ᠎ᠠ ᠰᠢᠤ ᠁ | ᠭᠡᠵᠤ ᠡᠯᠭᠦᠵᠤ ᠶᠠᠷᠢᠨ᠎ᠠ᠃ | ᠭᠠᠩ ᠲᠠᠢ ᠵᠤᠨ ᠤ ᠬᠠᠯᠠᠭᠤᠨ ᠰᠠᠯᠬᠢ ᠪᠠᠷ ᠪᠡᠶ᠎ᠡ ᠪᠠᠨ ᠨᠡᠪᠳᠡ ᠰᠦᠪᠡᠯᠡᠬᠦᠯᠵᠦ᠂ ᠪᠦᠳᠦᠴᠢᠬᠦ ᠪᠦᠲᠦᠬᠦᠨ ᠡᠪᠡᠰᠦ | ᠦᠭᠡᠢ ᠲᠠᠯ᠎ᠠ ᠶᠢ ᠬᠠᠷᠠᠭᠰᠠᠭᠠᠷ ᠪᠢ ᠮᠠᠰᠢᠨ ᠤ ᠵᠢᠯᠤᠭᠤ ᠪᠠᠨ ᠴᠢᠩᠭ᠎ᠠ ᠪᠠᠷᠢᠨ᠂ ᠠᠪᠤ ᠡᠵᠢ ᠶᠢᠨ ᠢᠶᠠᠨ ᠰᠡᠳᠬᠢᠯ ᠢ | ᠬᠦᠨᠳᠡᠬᠦ ᠠᠴᠠ ᠪᠤᠯᠭᠤᠮᠵᠢᠯᠠᠨ᠂ ᠡᠮᠵᠡᠭᠯᠡᠭᠰᠡᠨ ᠰᠡᠳᠬᠢᠯ ᠢᠶᠠᠨ ᠲᠠᠷᠤᠵᠦ᠂ ᠲᠤᠪ ᠲᠤᠭᠤᠢ ᠲᠠᠪᠬᠢᠭᠤᠯᠤᠯᠠ᠃ | ᠰᠦᠨᠢᠳ ᠵᠡᠭᠦᠨ ᠬᠤᠰᠢᠭᠤᠨ ᠤ ᠪᠠᠶᠢᠷᠢᠠᠠᠭᠤᠯᠠ ᠢᠢ ᠦᠩᠭᠡᠷᠡᠭᠡᠳ ᠪᠤᠭᠤᠮ ᠤᠨ ᠭᠤᠤᠯ ᠤᠨ ᠬᠠᠵᠠᠭᠤ ᠪᠠᠷ | ᠭᠠᠷᠬᠤ ᠳᠤ ᠮᠠᠩᠬᠠᠨ ᠤ ᠨᠠᠭᠠᠨ᠎ᠠ ᠦᠬᠡᠷ ᠬᠤᠨᠢᠳ ᠳᠠᠷᠬᠠᠨ ᠪᠡᠯᠴᠢᠵᠤ᠂ ᠵᠦᠢᠯ ᠪᠦᠷᠢ ᠶᠢᠨ ᠤᠰᠤᠨ ᠤ ᠰᠢᠪᠠᠭᠤᠳ | ᠭᠠᠩᠭᠠᠨᠠᠯᠳᠤᠨ᠂ ᠮᠠᠩᠬᠠᠨ ᠳᠡᠭᠡᠷ᠎ᠡ ᠠᠳᠤᠭᠤᠳ ᠲᠠᠪᠠᠲᠠᠶᠢᠬᠠᠨ ᠨᠠᠷᠠᠨ ᠳᠤ ᠡᠭᠡᠭᠡᠵᠤ ᠲᠡᠭᠡᠷᠡᠵᠤ ᠢᠯᠠᠭᠠᠷᠬᠠᠨᠠ᠃ | ᠦᠳᠡ ᠦᠩᠭᠡᠷᠡᠬᠦᠯᠦᠭᠡᠳ ᠪᠢᠳᠠ ᠵᠤᠷᠢᠭᠰᠠᠨ ᠭᠠᠵᠠᠷ ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ | ᠤᠯᠠᠭᠠᠨᠲᠤᠶᠠᠭ᠎ᠠ ᠭᠠᠴᠠᠭᠠᠨ ᠳᠠᠬᠢ ᠠᠪᠠᠭ᠎ᠠ ᠶᠢᠨ ᠳᠠᠭᠠᠨ ᠬᠦᠷᠦᠬᠡᠳ ᠢᠷᠡᠴᠢᠬᠡᠬᠦ ᠨᠢ ᠲᠡᠷᠡ᠃ ᠭᠡᠷ ᠤᠨ ᠵᠡᠭᠦᠨᠲᠡᠭᠦᠷ | ᠭᠠᠷᠳᠠᠭ ᠱᠦᠢᠨᠢ ᠵᠠᠮ ᠠᠴᠠ ᠪᠠᠭᠤᠨ᠂ ᠬᠤᠷᠳᠤᠴᠠ ᠪᠠᠨ ᠤᠳᠠᠭᠠᠰᠢᠷᠠᠭᠤᠯᠬᠤ ᠳᠤ ᠬᠤᠶᠢᠯᠤᠭ ᠮᠠᠨᠢ ᠬᠦᠪ ᠬᠦᠪ | ᠬᠤᠴᠠᠭᠰᠠᠭᠠᠷ ᠲᠤᠰᠤᠭᠠᠳ ᠢᠷᠡᠯ᠎ᠡ᠃ | — ᠬᠤᠶᠢᠯᠤᠬ ᠡ᠂ ᠢᠷᠡᠭᠡ ᠦᠭᠡᠢ ᠤᠳᠠᠬᠤ ᠳᠤ ᠲᠠᠨᠢᠬᠤ ᠪᠠᠨ ᠪᠤᠯᠢᠴᠢᠬᠠᠪᠠ ᠤᠤ︖ ᠭᠡᠵᠦ ᠪᠢ | ᠭᠤᠮᠤᠳᠤᠩᠭᠤᠢ ᠶᠠᠷᠢᠬᠤ ᠳᠤ ᠬᠤᠶᠢᠯᠤᠬ ᠮᠢᠨᠢ ᠤᠳᠠᠭᠠᠨ ᠡᠳᠦᠷ ᠠᠭᠤᠯᠵᠠᠭ᠎ᠠ ᠦᠭᠡᠢ ᠰᠠᠨᠠᠭ᠎ᠠ ᠪᠠᠨ ᠢᠯᠡᠳᠭᠡᠨ | ᠰᠡᠬᠦᠯ ᠢᠶᠠᠨ ᠰᠢᠷᠪᠠᠯᠵᠠᠭᠤᠯᠣᠨ ᠡᠷᠬᠡᠯᠡᠨ᠎ᠡ᠃ ᠰᠠᠳᠤᠨ ᠲᠦᠷᠦᠯ ᠲᠠᠢ ᠪᠠᠨ ᠤᠴᠠᠷᠠᠵᠦ᠂ ᠰᠠᠨᠠᠭᠰᠠᠨ | ᠪᠤᠳᠤᠭᠰᠠᠨ ᠢᠶᠠᠨ ᠠᠭᠤᠵᠢᠷᠠᠳᠠᠯ᠎ᠠ ᠶᠠᠷᠢᠯᠴᠠᠨ᠂ ᠦᠳᠡᠯᠦᠭᠡ ᠪᠤᠭᠤᠷᠤᠯ ᠳᠠᠭᠠᠨ ᠡᠷᠬᠡᠯᠡᠨ ᠪᠢᠳᠠ ᠭᠤᠷᠪᠠ ᠰᠡᠳᠬᠢᠯ | ᠦᠶᠦᠭ ᠠᠮᠠᠷᠠᠪᠠ᠃ | — ᠡᠨᠡ ᠵᠢᠯ ᠵᠢᠭᠠᠬᠠᠨ ᠭᠠᠩ ᠲᠠᠢ ᠭᠡᠵᠦ ᠠᠪᠠᠭ᠎ᠠ ᠮᠢᠨᠢ ᠬᠡᠯᠡᠨ᠎ᠡ᠃ ᠪᠢᠳᠠ ᠭᠤᠷᠪᠠ ᠰᠡᠳᠬᠢᠯ ᠰᠡᠷᠭᠦᠭᠡᠬᠦ | ᠭᠡᠵᠦ ᠨᠤᠲᠤᠭ ᠤᠨ ᠢᠶᠠᠨ ᠭᠡᠳᠦᠨ ᠨᠠᠭᠤᠷ ᠲᠤᠭᠤᠷᠢᠮ ᠢᠶᠠᠷ ᠲᠤᠭᠤᠷᠢᠯ᠎ᠠ᠃ ᠲᠡᠭᠡᠭ ᠨᠠᠮᠤᠭ᠂ ᠬᠠᠷᠭᠠᠨᠲᠠᠢ ᠶᠢᠨ | ᠤᠰᠤ ᠨᠢ ᠵᠢᠭᠠᠬᠠᠨ ᠲᠠᠳᠠᠭᠤᠷᠠᠭᠰᠠᠨ ᠴᠦ ᠲᠤᠷᠭᠠᠨ ᠨᠤᠭᠤᠭᠠᠨ ᠦᠩᠭᠡ ᠪᠢᠯᠬᠠᠷᠠᠭᠤᠯᠤᠨ᠂ ᠮᠠᠯ ᠰᠦᠷᠦᠭ ᠪᠡᠯᠴᠢᠨ᠂ | ᠯᠠᠮᠠ ᠰᠢᠪᠠᠭᠤ᠂ ᠬᠤᠨ ᠭᠠᠯᠠᠭᠤ᠂ ᠲᠤᠭᠤᠷᠤᠤ ᠵᠡᠷᠭᠡ ᠰᠢᠪᠠᠭᠤᠳ ᠡᠭᠦᠷ ᠦᠨᠳᠡᠭᠡ ᠪᠠᠨ ᠬᠠᠷᠠᠮᠨᠠᠨ ᠭᠠᠩᠭᠠᠨᠠᠯᠳᠤᠨ᠎ᠠ | ᠃ | ᠮᠠᠯ ᠤᠨ ᠲᠤᠪᠤ ᠲᠡᠭᠡᠷ᠎ᠡ ᠰᠠᠷᠠᠪᠴᠢᠨ ᠤ ᠪᠤᠷᠤ ᠪᠢᠯᠵᠤᠤᠬᠠᠢ ᠨᠤᠭᠤᠭᠠᠨ ᠡᠪᠡᠰᠦ ᠵᠠᠭᠤᠴᠢᠬᠠᠭᠠᠳ ᠨᠢᠰᠤᠨ | ᠲᠡᠪᠳᠡᠷᠢᠬᠦ ᠶᠢ ᠰᠡᠬᠦᠳᠡᠷᠯᠡᠭᠡᠳ ᠡᠵᠢ ᠳᠡᠭᠡᠨ ᠦᠵᠡᠬᠦᠯᠪᠡᠯ᠂ | — ᠬᠦᠭᠡᠷᠦᠬᠦᠢ᠂ ᠡᠨᠡ ᠵᠢᠭᠠᠬᠠᠨ ᠠᠮᠢ᠂ ᠦᠷ᠎ᠠ ᠵᠤᠯᠵᠠᠭ᠎ᠠ ᠳᠠᠭᠠᠨ ᠨᠤᠭᠤᠭᠠᠨ ᠤ ᠦᠨᠦᠷ ᠦᠨᠦᠷᠳᠦᠭᠦᠯᠵᠦ | ᠪᠠᠶᠢᠭ᠎ᠠ ᠪᠤᠯᠪᠠᠤ︖ ᠭᠡᠵᠦ ᠡᠵᠢ ᠮᠢᠨᠢ ᠬᠡᠯᠡᠬᠦ ᠳᠤ᠂ | — ᠡᠭᠦᠷ ᠢᠶᠠᠨ ᠵᠠᠰᠠᠨ ᠰᠡᠯᠪᠢᠵᠦ ᠪᠠᠶᠢᠭ᠎ᠠ ᠪᠠᠶᠢᠯᠬᠦᠢ ᠭᠡᠵᠦ ᠠᠪᠤ ᠮᠢᠨᠢ ᠠᠮᠠᠳᠠᠨ ᠬᠡᠯᠡᠭᠡᠳ᠂ ᠮᠢᠨᠦ ᠶᠠᠷᠢᠭᠰᠠᠨ | ᠵᠦᠪ ᠰᠢᠦ ᠭᠡᠰᠡᠨ ᠰᠢᠭ ᠨᠠᠮᠢᠢ ᠬᠠᠷᠠᠨ ᠬᠦᠬᠦᠷᠡᠨᠡ᠃ | ᠠᠯᠠᠬ ᠲᠠᠭᠤ ᠮᠠᠩᠬᠠᠨ ᠬᠦᠷᠪᠡᠯ ᠪᠠᠷᠢᠵᠦ ᠢᠳᠡᠵᠦ ᠪᠠᠶᠢᠭ᠎ᠠ ᠶᠢ ᠪᠢ ᠵᠠᠪᠳᠤᠨ ᠰᠡᠬᠦᠳᠡᠷᠯᠡᠭᠡᠳ ᠪᠠᠰᠠ ᠨᠢᠭᠡ | ᠰᠠᠶᠢᠬᠠᠨ ᠰᠡᠬᠦᠳᠡᠷ ᠳᠠᠳᠠᠭᠰᠠᠨ ᠳᠠᠭᠠᠨ ᠤᠯᠵᠠᠭᠤᠷᠬᠠᠨ ᠤᠮᠤᠬᠰᠢᠯᠠ᠃ ᠡᠵᠢ ᠠᠪᠤ ᠮᠢᠨᠢ ᠨᠤᠷᠪᠤᠳᠤᠷᠵᠢ᠂ ᠠᠳᠢᠶ᠎ᠠ᠂ | ᠪᠠᠳᠮᠠᠼᠤᠤ ᠵᠡᠷᠭᠡ ᠠᠭᠤᠯᠵᠠᠭ᠎ᠠ ᠦᠭᠡᠢ ᠤᠳᠠᠭᠰᠠᠨ ᠬᠠᠭᠤᠴᠢᠨ ᠲᠠᠨᠢᠯ ᠨᠠᠰᠤᠲᠠᠳ ᠲᠠᠢ ᠪᠠᠨ ᠠᠭᠤᠯᠵᠠᠵᠤ᠂ | ᠬᠠᠭᠤᠴᠢ ᠬᠦᠭᠡᠷᠴᠤ ᠶᠠᠪᠤᠭᠰᠠᠨ ᠳᠠᠭᠠᠨ ᠨᠠᠳᠠ ᠠᠴᠠ ᠢᠯᠡᠬᠦᠦ ᠤᠯᠵᠠᠭᠤᠷᠬᠠᠨᠠ᠃ | |