ᠵᠢᠷᠠ ᠬᠦᠷᠬᠦ ᠳᠤ ᠶᠠᠭᠠᠬᠢᠳᠠᠭ ᠶᠤᠮ
ᠨᠡᠶᠢᠲᠡᠯᠡᠭᠰᠡᠨ ᠴᠠᠭ᠄
2025/3/7
   ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃   ᠵᠠᠵᠢᠨ ᠦᠰᠦ ᠴᠠᠶᠢᠯ᠎ᠠ᠂ ᠴᠠᠭᠠᠨ ᠪᠤᠭᠤᠷᠤᠯ ᠪᠤᠯᠤᠯ᠎ᠠ᠃ ᠴᠠᠭᠠᠨ ᠪᠤᠭᠤᠷᠤᠯ ᠢ ᠨᠢ ᠴᠠᠭᠠᠨ ᠪᠤᠭᠤᠷᠤᠯ ᠢᠶᠠᠷ ᠭᠤᠶᠤᠯᠠᠵᠤ ᠰᠤᠯᠠ ᠲᠠᠯᠪᠢᠨ ᠰᠠᠭᠰᠠᠯᠵᠠᠭᠤᠯᠬᠤ᠂ ᠴᠢᠪ ᠭᠢᠳᠡᠯ᠎ᠠ ᠭᠡᠷᠪᠢᠭᠡᠳ ᠠᠬᠠᠷ ᠭᠡᠵᠢᠭᠡ ᠲᠠᠯᠪᠢᠬᠤ᠂ ᠮᠦᠩᠭᠦᠨ ᠬᠠᠳᠬᠤᠭᠤᠷ ᠢᠶᠠᠷ ᠨᠠᠮᠪᠠᠯᠢᠭᠬᠠᠨ ᠬᠠᠪᠴᠢᠵᠤ᠂ ᠰᠤᠪᠤᠳ ᠱᠢᠷᠤ ᠶᠢᠨ ᠬᠠᠪᠴᠢᠭᠤᠷ ᠢ ᠡᠪ ᠢ ᠨᠢ ᠲᠠᠭᠠᠷᠠᠭᠤᠯᠵᠤ ᠰᠢᠭᠢᠳᠭᠡᠨ᠂ ᠠᠷᠢᠭᠤᠨ ᠬᠠᠰ ᠢᠶᠠᠷ ᠴᠤᠭᠴᠠᠯᠠᠭᠰᠠᠨ ᠰᠢᠭ ᠠᠬᠠᠮᠠᠳ ᠨᠢᠭᠡ ᠦᠶ᠎ᠡ ᠶᠢᠨ ᠬᠢᠨ ᠰᠢᠤ ᠭᠡᠬᠦ ᠷᠤᠮᠠᠨᠲ᠋ᠢᠭ ᠲᠦᠷᠬᠦ ᠲᠠᠢ ᠭᠡᠷᠡᠯ ᠤᠶᠢᠵᠤ ᠠᠮᠢᠳᠤᠷᠠᠬᠤᠢ᠃ ᠡᠮᠤᠰᠴᠤ ᠵᠡᠭᠦᠭᠦ ᠬᠤᠪᠴᠠᠰᠤ ᠬᠤᠨᠠᠷ ᠢᠶᠠᠨ ᠴᠠᠭ ᠤᠨ ᠪᠠᠶᠢᠳᠠᠯ ᠳᠤ ᠲᠤᠬᠢᠷᠠᠭᠤᠯᠤᠨ᠂ ᠠᠬᠤᠢ ᠲᠠᠯᠠᠪᠠᠢ ᠳᠤ ᠵᠤᠬᠢᠴᠠᠭᠤᠯᠤᠨ᠎ᠠ᠃ ᠬᠤᠷᠠᠯ ᠴᠤᠭᠯᠠᠭᠠᠨ ᠳᠤ ᠲᠦᠪ ᠬᠢᠨᠠᠭᠤᠷ᠂ ᠪᠤᠰᠤᠳ ᠢ ᠬᠦᠨᠳᠦᠳᠭᠡᠬᠦ ᠪᠤᠶᠤ ᠪᠤᠰᠤᠳ ᠢᠶᠠᠷ ᠬᠦᠨᠳᠦᠳᠭᠡᠭᠦᠯᠭᠦ ᠶᠢ ᠬᠢᠴᠢᠶᠡᠬᠦ᠂ ᠨᠠᠶᠢᠷ ᠬᠤᠷᠢᠮ ᠳᠤ ᠡᠷᠬᠢᠮᠰᠦᠭ ᠬᠠᠳᠤᠭᠳᠠᠢ ᠮᠡᠳᠦ ᠤᠬᠠᠮᠵᠢ ᠲᠠᠢ ᠮᠦᠷᠳᠡᠭᠡᠨ ᠬᠦᠷ ᠲᠤ ᠨᠡᠩ ᠬᠦᠭᠵᠢᠯᠳᠡᠢ ᠪᠠᠶᠢᠬᠤ᠂ ᠨᠠᠭᠠᠳᠴᠤ ᠵᠤᠭᠠᠯᠠᠬᠤ ᠦᠶ᠎ᠡ ᠳᠡᠭᠡᠨ ᠰᠤᠷᠭᠤᠭ ᠦᠩᠭᠡ ᠲᠠᠢ ᠲᠡᠭᠵᠢᠨ ᠬᠢᠴᠡ ᠲᠠᠢ ᠱᠠᠬᠠᠢ ᠡᠮᠦᠰᠴᠦ᠂ ᠡᠷᠬᠡ ᠴᠢᠯᠦᠭᠡ ᠲᠠᠢ᠂ ᠡᠯᠪᠡᠭ ᠠᠭᠤᠵᠢᠭᠤ ᠡᠮᠤᠰᠭᠡᠯ ᠢᠶᠠᠷ ᠬᠤᠶᠠᠭᠯᠠᠵᠤ᠂ ᠠᠭᠤᠯᠠᠨ ᠳᠤ ᠭᠠᠷᠴᠤ ᠤᠰᠤᠨ ᠳᠤ ᠤᠷᠤᠬᠤ ᠪᠠᠷ ᠪᠡᠯᠡᠬᠡᠨ ᠪᠠᠶᠢᠬᠤ᠂ ᠲᠠᠯ᠎ᠠ ᠳᠤ ᠲᠤᠭᠯᠠᠵᠤ᠂ ᠲᠠᠪᠠ ᠪᠠᠷ ᠪᠠᠶᠢᠵᠤ ᠴᠢᠳᠠᠳᠠᠭ᠃   ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃   ᠠᠷᠭ᠎ᠠ ᠦᠭᠡᠢ ᠶᠤᠮ ᠡ᠂ ᠠᠷᠠᠭᠠᠨ ᠰᠢᠳᠤ ᠮᠢᠨᠢ ᠨᠢᠭᠡ ᠤᠨᠠᠴᠢᠬᠠᠯ᠎ᠠ᠃ ᠠᠷᠠᠭᠠᠨ ᠰᠢᠳᠤ ᠪᠠᠨ ᠨᠦᠬᠦᠬᠦ ᠭᠡᠵᠦ ᠡᠮᠨᠡᠯᠭᠡ ᠳᠤ ᠭᠦᠷᠦᠯ᠎ᠠ᠃ ᠡᠮᠴᠢ ᠭᠤᠸᠠᠢ ᠨᠠᠰᠤ ᠵᠢᠯ ᠢ ᠠᠰᠠᠭᠤᠬᠤ ᠳᠤ ᠦᠨᠡᠨ ᠮᠦᠨ ᠢᠶᠠᠷ ᠨᠢ ᠬᠠᠷᠢᠭᠤᠯᠪᠠ᠃   — ᠵᠢᠷᠠ ᠬᠦᠷᠴᠢᠭᠡᠭᠡᠳ ᠨᠢᠭᠡ ᠠᠷᠠᠭ᠎ᠠ ᠤᠨᠠᠬᠤ ᠳᠤ ᠶᠠᠭᠤ ᠪᠠᠶᠢᠬᠤᠪ᠃ ᠰᠠᠶᠢᠬᠠᠨ ᠦᠳᠡᠯᠵᠦ ᠪᠠᠶᠢᠨ᠎ᠠ᠃ ᠵᠠᠯᠠᠭᠤᠬᠠᠨ ᠴᠤᠭᠯᠢᠭ ᠬᠠᠷᠠᠭᠳᠠᠵᠤ ᠪᠠᠶᠢᠨ᠎ᠠ᠃ ᠶᠠᠷᠤ ᠨᠢ ᠰᠦ ᠴᠠᠭ᠎ᠠ ᠢᠳᠡᠳᠡᠭ ᠬᠦᠮᠦᠰ ᠰᠢᠳᠦ ᠰᠠᠶᠢᠳᠠᠢ ᠪᠠᠶᠢᠳᠠᠭ ᠶᠤᠮ ᠭᠡᠪᠡ᠃   ᠲᠡᠶᠢᠮᠦ ᠡ᠂ ᠨᠠᠷᠠᠨ ᠤ ᠲᠤᠤᠷ᠎ᠠ ᠰᠠᠯᠬᠢᠨ ᠯᠤᠭ᠎ᠠ ᠲᠤᠭᠯᠠᠵᠤ᠂ ᠡᠪᠡᠰᠦᠨ ᠤ ᠰᠤᠷ ᠤᠰᠤᠨ ᠤ ᠲᠤᠩᠭᠠᠯᠠᠭ ᠲᠤ ᠴᠠᠳᠤᠨ᠂ ᠦᠷᠭᠡᠨ ᠬᠠᠩᠭᠠᠢ ᠠᠭᠤᠳᠠᠮ ᠲᠠᠯ᠎ᠠ ᠪᠠᠨ ᠴᠢᠮᠡᠳᠡᠭ᠂ ᠦᠶᠦᠭ ᠲᠠᠩᠰᠤᠭ ᠠᠮᠢᠳᠤᠷᠠᠯ ᠢ ᠴᠤ ᠬᠠᠩᠭᠠᠳᠠᠭ ᠲᠠᠪᠤᠨ ᠬᠤᠰᠢᠭᠤ ᠮᠠᠯ ᠤᠨ ᠮᠢᠨᠢ ᠠᠰᠢᠭ ᠰᠢᠮ᠎ᠡ᠂ ᠠᠴᠢ ᠲᠤᠰᠠ ᠶᠢ ᠠᠯᠢ ᠠᠴᠠ ᠨᠢ ᠵᠠᠬᠠᠯᠠᠵᠤ ᠶᠠᠷᠢᠬᠤ ᠪᠢᠯᠡ᠃ ᠢᠩᠭᠡᠨ ᠰᠦ᠂ ᠭᠡᠭᠦᠦ ᠶᠢᠨ ᠢᠯᠭᠠᠳᠠᠰᠤ ︵ᠰᠢᠭᠡᠰᠦ︶ ᠨᠢ ᠬᠦᠷᠳᠡᠯ᠎ᠡ ᠲᠡᠭᠡᠳᠦ ᠬᠡᠮᠵᠢᠶᠠᠨ ᠤ ᠡᠮ ᠡᠮᠴᠢᠯᠡᠭᠡ ᠳᠤ ᠵᠠᠷᠤᠭᠳᠠᠵᠤ ᠪᠠᠶᠢᠳᠠᠭ ᠤᠨ ᠨᠠᠭᠠᠨ᠎ᠠ ᠁ ᠵᠢᠷᠠ ᠲᠠᠢ ᠪᠦᠰᠡᠭᠦᠢ ᠶᠠᠰᠤ ᠬᠠᠳᠠᠭᠤ ᠰᠢᠳᠤ ᠰᠠᠶᠢᠳᠠᠢ ᠪᠠᠶᠢᠬᠤ ᠤᠴᠢᠷᠳᠠᠢ᠃ ᠵᠢᠷᠠ ᠶᠢᠨ ᠲᠠᠪᠠᠭ᠎ᠠ ᠶᠢ ᠲᠠᠪᠠᠵᠤ᠂ ᠵᠢᠷᠭᠠᠯ ᠢ ᠤᠬᠠᠭᠠᠷᠠᠳᠠᠭ ᠮᠦᠷᠳᠡᠭᠡᠨ ᠵᠤᠪᠠᠯᠠᠩ ᠢ ᠨᠡᠩ ᠮᠡᠳᠡᠷᠡᠳᠡᠭ ᠃ ᠵᠤᠷᠢᠭᠯᠠᠨ ᠬᠦᠴᠦᠯᠡᠬᠦ ᠲᠤᠷᠠᠳᠠᠢ ᠪᠤᠯᠬᠤᠷ ᠵᠤᠵᠢᠭᠯᠠᠨ ᠬᠦᠷᠬᠦ‍ ᠴᠢᠭ ᠲᠠᠢ ᠶᠤᠮᠰᠠᠨ᠃ ᠲᠡᠷᠡ ᠴᠢᠭ ᠲᠤ ᠶᠠᠮᠠᠷ ᠴᠤ ᠱᠠᠩᠨᠠᠯ ᠪᠠᠶᠢᠬᠤ ᠦᠭᠡᠢ ᠮᠠᠭᠠᠳ᠂ ᠡᠳ᠋ ᠪᠤᠳᠠᠰ ᠪᠤᠶᠤ ᠡᠰᠡᠭᠦᠯ᠎ᠡ ᠮᠦᠩᠬᠦ ᠲᠦᠭᠦᠷᠢᠭ ᠭᠡᠬᠦ ᠮᠡᠳᠦ᠃ ᠭᠡᠶ᠎ᠠ ᠪᠡᠶ᠎ᠠ ᠮᠢᠨᠢ ᠡᠷᠡᠭᠦᠯ᠂ ᠦᠪᠡᠷ ᠢᠶᠠᠨ ᠪᠢ ᠪᠠᠶᠠᠰᠤᠭᠰᠠᠨ ᠪᠤᠯ ᠲᠠᠷᠦᠢ ᠶᠡᠭᠡ ᠵᠢᠷᠭᠠᠯ ᠲᠡᠷᠡ᠃ ᠲᠠᠭᠠᠤ ᠳᠤᠨᠢ ᠪᠤᠰᠤᠳ ᠲᠤ ᠬᠠᠷᠰᠢ ᠪᠢᠰᠢ ᠠᠴᠢ ᠪᠤᠯᠤᠭᠰᠠᠨ ᠶᠤᠮ ᠪᠤᠯ ᠲᠡᠷᠡ ᠨᠢ ᠬᠠᠷᠢᠨ ᠲᠡᠭᠷᠢ ᠶᠡᠭᠡ ᠵᠢᠷᠭᠠᠯ ᠭᠡᠵᠦ ᠶᠠᠰᠤ ᠤᠯᠡᠮ ᠬᠠᠳᠠᠭᠤᠵᠢᠨ᠂ ᠰᠢᠳᠤ ᠪᠠᠰᠠ ᠰᠠᠶᠢᠳᠠᠢ ᠪᠤᠯᠬᠤᠯᠠᠷ ᠨᠢ ᠬᠤᠭᠤᠯᠠ ᠤᠮᠳᠠ ᠮᠢᠨᠢ ᠤᠯᠠᠮ ᠠᠮᠳᠠᠳᠠᠢ ᠰᠢᠮᠡᠳᠡᠢ ᠪᠤᠯᠳᠠᠭ᠃   ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃   ᠵᠢᠷᠠ ᠲᠠᠢ ᠪᠦᠰᠡᠭᠦᠢ ᠦᠰᠦ ᠵᠠᠰᠠᠬᠤ ᠭᠠᠵᠠᠷ ᠦᠷᠭᠦᠯᠵᠢ ᠤᠴᠢᠳᠠᠭ᠃ ᠵᠠᠵᠢᠨ ᠦᠰᠦ ᠴᠠᠶᠢᠯ᠎ᠠ ᠭᠡᠰᠡᠨ ᠴᠤ ᠵᠠᠰᠠᠵᠤ ᠵᠠᠯᠠᠬᠤ ᠪᠠᠨ ᠰᠤᠯᠠᠷᠠᠭᠤᠯᠵᠤ ᠦᠯᠦ ᠪᠤᠯᠤᠨ᠎ᠠ᠃ᠵᠠᠯᠠᠭᠤ ᠦᠰᠦ ᠵᠠᠰᠠᠭᠴᠢ᠄ ︽ᠡᠭᠡᠴᠢ ᠡ ᠲᠦᠴᠢᠨ ᠬᠡᠳᠦ ᠲᠠᠢ ᠪᠤᠢ︖ ᠲᠠᠪᠢ ᠤᠶᠢᠷᠠᠳᠤᠯ᠎ᠠ ᠦᠦ︖︾ ᠭᠡᠨ᠎ᠡ᠃ ᠬᠦᠭᠡᠷᠦᠬᠦᠢ ᠦᠰᠦ ᠵᠠᠰᠠᠭᠴᠢ ᠶᠢᠨ ᠬᠠᠷᠠᠭ᠎ᠠ ᠨᠢ ᠮᠠᠭᠤ ᠪᠠᠶᠢᠨ᠎ᠠ ᠭᠡᠬᠦ ᠭᠱᠠᠨ᠎ᠠ ︽ᠨᠠᠮ᠎ᠠ ᠪᠠᠷ ᠲᠤᠭᠯᠠᠵᠤ ᠪᠠᠶᠢᠬᠤ ᠨᠢ ᠦᠦ︖︾ ᠭᠡᠰᠡᠨ ᠪᠤᠳᠤᠯ ᠴᠤᠭ ᠲᠠᠭᠠᠨ ᠪᠠᠭᠤᠪᠠ᠃ ᠬᠢᠷᠳ᠋ᠭᠢᠨ ᠡᠷᠭᠢᠵᠦ ᠬᠠᠷᠠᠭᠠᠳ ᠵᠠᠯᠠᠭᠤ ᠶᠢ ᠠᠵᠢᠬᠤ ᠳᠤ ᠠᠷᠠᠢ ᠦᠭᠡᠷ᠎ᠡ ᠰᠠᠨᠠᠭ᠎ᠠ ᠦᠭᠡᠢ ᠰᠢᠭ ᠬᠡᠪ ᠲᠡᠭᠡᠨ ᠯᠠ ᠪᠠᠶᠢᠵᠤ ᠪᠠᠶᠢᠯ᠎ᠠ᠃   ︽ᠵᠠᠯᠠᠭᠤ ᠮᠢᠨᠢ᠂ ᠵᠢᠷᠠ ᠬᠦᠷᠦᠭᠡᠳ ᠵᠠᠵᠢᠨ ᠦᠰᠦ ᠪᠦᠷ ᠴᠠᠶᠢᠴᠢᠬᠠᠭᠰᠠᠨ ᠰᠢᠤ︾ ᠭᠡᠯ᠎ᠠ᠃︽ᠦᠰᠦ ᠴᠠᠶᠢᠬᠤ ᠪᠠᠷ ᠨᠠᠰᠤ ᠠᠬᠢᠭᠰᠠᠨ ᠭᠡᠵᠦ ᠲᠤᠳᠤᠯᠠᠵᠤ ᠴᠢᠳᠠᠬᠤ ᠦᠭᠡᠢ ᠪᠤᠯᠤᠭᠰᠠᠨ᠂ ᠵᠠᠯᠠᠭᠤᠴᠤᠳ ᠢᠳᠡᠷᠴᠤᠳ ᠭᠡᠤᠨ ᠪᠤᠭᠤᠷᠤᠯ ᠦᠰᠦ ᠲᠠᠢ ᠨᠢ ᠪᠠᠶᠢᠬᠤ ᠯᠡ᠃ ᠲᠠ ᠬᠠᠷᠢᠨ ᠵᠢᠰᠤ ᠴᠢᠷᠠᠢ ᠪᠠᠨ ᠶᠠᠭᠠᠬᠢᠭᠰᠠᠨ ᠰᠠᠶᠢᠬᠠᠨ ᠬᠢᠮᠠᠭᠠᠳᠠᠵᠤ ᠪᠠᠶᠢᠭ᠎ᠠ ᠪᠤᠢ︖ ᠬᠠᠴᠠᠷ ᠨᠢᠭᠤᠷ ᠠᠴᠠ ᠴᠢᠨᠢ ᠭᠡᠭᠡ ᠲᠠᠳᠠᠭᠠᠳ᠂ ᠮᠠᠰᠢ ᠰᠦᠨᠠᠰᠦᠯᠢᠭ ᠬᠠᠷᠠᠭᠳᠠᠨ᠎ᠠ᠃ ᠲᠠ ᠯᠠᠪᠳᠠᠢ ᠤᠯᠠᠨ ᠲᠦᠷᠦᠯ ᠤᠨ ᠴᠢᠨᠡᠷ ᠰᠠᠶᠢᠳᠠᠢ ᠭᠤᠸᠠᠯᠢᠳᠠᠭ ᠡᠳ᠋ ᠭᠡᠷᠡᠭᠯᠡᠳᠡᠭ ᠪᠠᠶᠢᠬ᠎ᠠ︖︾ ᠭᠡᠨ᠎ᠠ᠃   ᠬᠡᠩ᠂ ᠦᠨᠡᠨ ᠳᠡᠭᠡᠨ ᠪᠢ ᠭᠠᠳᠠᠨ᠎ᠠ ᠪᠠᠨ ᠲᠦᠷᠬᠢᠬᠦ ᠨᠠᠭᠠᠬᠤ ᠵᠦᠢᠯᠡᠰ ᠢ ᠲᠡᠮᠡᠢ ᠴᠢᠬᠤᠯᠠᠴᠢᠯᠠᠳᠠᠭ ᠦᠭᠡᠢ ᠨᠢᠭᠡᠨ ᠂ ᠭᠤᠤᠯ ᠨᠢ ᠠᠯᠵᠠᠭᠤ ᠲᠠᠢ ᠭᠡᠳᠡᠭ ᠨᠢ ᠭᠡᠷᠡᠭ ᠡ᠂ ᠤᠷᠤᠢ ᠳᠠᠭᠠᠨ ᠨᠢᠭᠤᠷ ᠢᠶᠠᠨ ᠤᠬᠢᠶᠠᠬᠤ ᠦᠭᠡᠢ᠂ ᠨᠤᠮ ᠦᠵᠡᠵᠦ ᠨᠤᠮ ᠰᠤᠨᠤᠰᠴᠤ ᠪᠠᠶᠢᠭᠰᠠᠭᠠᠷ ᠤᠨᠳᠠᠴᠢᠬᠠᠳᠠᠭ᠃ ᠠᠵᠠ ᠪᠠᠷ ᠨᠤᠮ ᠪᠢᠴᠢᠭ ᠬᠦᠮᠦᠨ ᠢ ᠭᠤᠶᠤᠯᠠᠳᠠᠭ ᠨᠢ ᠵᠠᠪᠰᠢᠶᠠᠨ ᠪᠠᠶᠢᠵᠠᠢ᠃ ᠨᠤᠮ ᠤᠨ ᠰᠢᠮ᠎ᠡ ᠤᠶᠤᠨ ᠰᠠᠨᠠᠭ᠎ᠠ ᠶᠢ ᠴᠡᠯᠮᠡᠭᠰᠢᠭᠦᠯᠵᠤ᠂ ᠨᠤᠮ ᠤᠨ ᠭᠡᠷᠡᠯ ᠶᠠᠰᠤ ᠴᠢᠮᠦᠭᠡᠨ᠎ᠠ ᠨᠡᠪᠳᠡᠷᠡᠨ ᠨᠢᠭᠤᠷ ᠴᠢᠷᠠᠢ ᠶᠢ ᠠᠷᠢᠭᠤᠰᠬᠠᠨ᠂ ᠬᠦᠴᠦ ᠲᠠᠮᠢᠷ ᠢ ᠰᠡᠯᠪᠢᠳᠡᠭ ᠲᠡᠭᠡᠨ ᠪᠤᠯᠵᠤ ᠪᠠᠶᠢᠨ᠎ᠠ᠂ ᠲᠡᠭᠷᠢ ᠮᠢᠨᠢ᠃ ᠵᠤᠯ ᠢᠶᠠᠷ ᠪᠢ ᠨᠤᠮ ᠤᠩᠰᠢᠳᠠᠭ ᠨᠢᠭᠡᠨ᠂ ᠨᠤᠮ ᠪᠢᠴᠢᠳᠡᠭ ᠨᠢᠭᠡᠨ ᠪᠠᠶᠢᠭᠰᠠᠨ ᠳᠠᠭᠠᠨ ᠪᠤᠯᠵᠠᠢ᠃ ᠵᠤᠯ ᠢᠶᠠᠷ ᠪᠢ ᠤᠷᠠᠨ ᠵᠢᠷᠤᠭ ᠤᠷᠠᠨ ᠪᠢᠴᠢᠯᠭᠡ ᠳᠤ ᠲᠤᠷ᠎ᠠ ᠲᠠᠢ᠂ ᠪᠠᠰᠠ ᠤᠷᠠᠨ ᠪᠢᠴᠢᠨ᠎ᠡ ᠭᠡᠵᠦ ᠡᠯᠳᠡᠪ ᠢᠶᠠᠷ ᠡᠷᠢᠶᠠᠴᠢᠳᠡᠭ ᠨᠢᠭᠡᠨ᠃ ᠪᠢᠷ ᠴᠠᠭᠠᠰᠤ ᠶᠢ ᠤᠰᠤ ᠴᠠᠰᠤ ᠮᠡᠳᠦ ᠦᠷᠡᠭᠡᠳᠡᠭ ᠴᠤ ᠤᠷᠠᠯᠢᠭ ᠲᠤ ᠰᠤᠭᠳᠤᠬᠤ ᠡᠴᠢᠨ᠎ᠠ ᠶᠢᠨ ᠵᠢᠷᠭᠠᠯ ᠢ ᠬᠡᠨ ᠲᠠᠢ ᠴᠤ ᠬᠤᠪᠢᠶᠠᠯᠴᠠᠮᠠᠷ ᠦᠭᠡᠢ ᠬᠠᠷᠠᠮᠴᠢ᠃   ᠵᠢᠷᠠ ᠬᠦᠷᠦᠯ᠎ᠡ᠂ ᠵᠢᠷᠠ ᠲᠠᠢ ᠪᠦᠰᠡᠭᠦᠢ ᠰᠦᠨᠠᠰᠦᠯᠢᠭ ᠪᠠᠶᠢᠬᠤ ᠰᠠᠶᠢᠬᠠᠨ᠃   ᠰᠦᠨᠡᠰᠦᠯᠢᠭ ᠪᠦᠰᠡᠬᠦᠢ ᠤᠯᠠᠨ ᠢ ᠦᠵᠡᠵᠦ ᠤᠪᠤᠭ᠎ᠠ ᠶᠢ ᠦᠩᠬᠡᠷᠡᠭᠡᠭᠡᠳ ᠦᠯᠠᠮᠵᠢ ᠶᠢᠨ ᠰᠤᠷᠭᠠᠮᠵᠢ ᠦᠨᠡᠨ ᠲᠤᠷᠰᠢᠯᠭ᠎ᠠ ᠶᠢ ᠬᠤᠷᠠᠮᠳᠤᠭᠤᠯᠤᠭᠰᠠᠨ ᠡᠷᠳᠡᠨᠢ ᠶᠢᠨ ᠬᠠᠶᠢᠷᠴᠠᠭ ᠪᠢᠯᠢᠤ᠃ ᠰᠦᠨᠠᠰᠦᠯᠢᠭ ᠪᠦᠰᠡᠬᠦᠢ ᠶᠢᠨ ᠨᠢᠳᠦ ᠨᠢ ᠲᠤᠩᠭᠠᠯᠠᠭ᠂ ᠤᠯᠠᠩᠬᠢ ᠦᠭᠡ ᠶᠢ ᠨᠢᠳᠦ ᠪᠠᠷ ᠢᠶᠠᠨ ᠬᠡᠯᠡᠵᠦ᠂ ᠶᠡᠬᠡᠩᠬᠢ ᠤᠴᠢᠷ ᠢ ᠨᠢᠳᠦᠨ ᠳᠡᠭᠡᠨ ᠪᠠᠭᠳᠠᠭᠠᠵᠤ᠂ ᠪᠦᠬᠦ ᠶᠠᠪᠤᠳᠠᠯ ᠳᠤ ᠲᠠᠶᠢᠪᠤᠭᠤᠨ ᠠᠮᠤᠭᠤᠯᠠᠩ ᠬᠠᠨᠳᠤᠵᠤ᠂ ᠬᠤᠯᠠ ᠶᠢ ᠬᠠᠷᠠᠵᠤ ᠠᠯᠤᠰ ᠢ ᠲᠤᠷᠠᠨᠳᠠᠳᠠᠭ᠃ ᠰᠦᠨᠠᠰᠦᠯᠢᠭ ᠪᠦᠰᠡᠭᠦᠢ ᠶᠢᠨ ᠬᠠᠮᠠᠷ ᠨᠢ ᠪᠡᠭᠡᠰ ᠤᠨ ᠦᠨᠦᠷ ᠡᠪᠡᠰᠤᠨ ᠤ ᠵᠠᠨᠠᠷ ᠲᠤ ᠨᠢᠭᠡᠨ᠎ᠡ ᠨᠠᠶᠢᠷᠠᠮᠳᠠᠭᠤ᠃ ᠵᠦᠭᠡᠢ ᠮᠡᠳᠦ ᠡᠷᠪᠡᠬᠡᠢ ᠠᠳᠠᠯᠢ᠂ ᠴᠡᠴᠡᠭ ᠤᠨ ᠠᠩᠬᠢᠯᠤᠮ᠎ᠠ ᠦᠨᠦᠷ ᠢ ᠲᠠᠭᠠᠵᠤ ᠪᠠᠯ ᠴᠤᠭᠯᠠᠭᠤᠯᠤᠨ᠂ ᠨᠠᠶᠢᠷᠠᠭ ᠨᠡᠷᠡᠵᠦ ᠶᠠᠭᠠᠷᠠᠳᠠᠭ᠃ ᠰᠦᠨᠠᠰᠦᠯᠢᠭ ᠪᠦᠰᠡᠬᠦᠢ ︽ᠠᠮᠠᠨ ᠠᠴᠠ ᠪᠠᠨ ᠨᠢᠭᠡ ᠴᠦ ᠮᠠᠭᠤ ᠦᠭᠡ ᠶᠢ ᠪᠤᠤ ᠭᠠᠷᠭ᠎ᠠ᠂ ᠬᠠᠷᠢᠨ ᠬᠦᠮᠦᠨ ᠢ ᠪᠤᠰᠬᠠᠨ ᠪᠠᠶᠢᠭᠤᠯᠬᠤ ᠳᠤ ᠲᠤᠰᠠ ᠪᠤᠯᠬᠤ ᠰᠠᠶᠢᠨ ᠢ ᠯᠠ ᠶᠠᠷᠢ᠂ ᠲᠡᠷᠡ ᠦᠭᠡ ᠴᠢᠨᠢ ᠰᠤᠨᠤᠰᠤᠭᠴᠢᠳ ᠲᠤ ᠢᠪᠡᠭᠡᠯ ᠢ ᠲᠠᠮᠵᠢᠭᠤᠯᠬᠤ ᠪᠤᠯᠤᠨ᠎ᠠ︾ ᠭᠡᠬᠦ ᠨᠤᠮ ᠤᠨ ᠤᠳᠭ᠎ᠠ ᠳᠤ ᠪᠤᠯᠪᠠᠰᠤᠷᠠᠨ᠂ ᠬᠡᠯᠡᠨ ᠤ ᠭᠡᠮ ᠢᠶᠠᠨ ᠠᠷᠢᠭᠤᠰᠬᠠᠵᠤ᠂ ᠦᠭᠡ ᠶᠢᠨ ᠬᠦᠴᠦᠨ ᠢ ᠪᠠᠳᠠᠷᠠᠭᠠᠨ ᠪᠠᠶᠢᠬᠤ ᠨᠢ ᠦᠵᠡᠰᠭᠦᠯᠠᠩᠳᠡᠢ᠂ ᠦᠭᠡ ᠨᠢ ᠨᠡᠩ ᠢᠳᠡᠳᠡᠢ᠃ ᠡᠷᠳᠡᠨ ᠤ ᠨᠤᠮ ᠳᠤ᠄ ︽ᠡᠬᠢᠨ ᠳᠤ ᠦᠭᠡ ᠪᠠᠶᠢᠭᠰᠠᠨ ᠁ ᠪᠦᠬᠦ ᠶᠠᠭᠤᠮ᠎ᠠ ᠦᠭᠡ ᠪᠠᠷ ᠪᠦᠳᠦᠭᠰᠡᠨ ᠁︾ ᠭᠡᠵᠤ ᠨᠤᠮᠯᠠᠭᠰᠠᠨ᠂ ᠪᠠᠶᠢᠭᠰᠠᠨ ᠪᠠᠶᠢᠭ᠎ᠠ ᠪᠠᠶᠢᠬᠤ ᠶᠢᠨ ᠦᠨᠢ ᠮᠦᠩᠭᠡ ᠶᠢᠨ ᠢᠷᠦᠭᠡᠯ ᠢ ᠤᠩᠰᠢᠯᠭ᠎ᠠ ᠪᠤᠯᠭᠠᠨ ᠦᠯᠡᠳᠡᠭᠡᠭᠰᠡᠨ ᠵᠢᠷᠠ ᠲᠠᠢ ᠪᠦᠰᠡᠬᠦᠢ ᠲᠡᠷᠡ ᠶᠤᠰᠤᠨ ᠢ ᠲᠠᠭᠠᠳᠠᠭ᠃   ᠰᠦᠨᠡᠰᠦᠯᠢᠭ ᠪᠦᠰᠡᠭᠦᠢ ᠶᠢᠨ ᠴᠢᠬᠢ ᠨᠢ ᠮᠦᠨ ᠰᠤᠷᠭᠤᠭ᠃ ᠲᠦᠷᠪᠡᠨ ᠲᠠᠯᠠᠢ ᠶᠢᠨ ᠱᠤᠤᠭᠢᠶᠠᠨ ᠢ ᠰᠤᠨᠤᠷᠳᠠᠵᠤ᠂ ᠲᠠᠪᠤᠨ ᠲᠢᠪ ᠤᠨ ᠰᠤᠷᠠᠭ ᠵᠠᠩᠬᠢ ᠳᠤ ᠰᠡᠷᠭᠡᠭ᠂ ᠬᠠᠭᠠᠨ ᠬᠦᠭᠵᠢᠮ ᠤᠨ ᠬᠦᠩᠬᠢᠨᠡᠭᠡ᠂ ᠬᠠᠳᠤᠨ ᠠᠶᠠᠯᠭᠤ ᠶᠢᠨ ᠴᠤᠤᠷᠢᠶ᠎ᠠ᠂ ᠨᠡᠷᠡᠳᠦ ᠴᠢᠪᠠᠭᠳᠠᠰᠤ ᠶᠢᠨ ᠬᠠᠩᠬᠢᠨᠠᠭ᠎ᠠ᠂ ᠨᠠᠶᠢᠷᠠᠯ ᠲᠠᠭᠤᠤ ᠶᠢᠨ ᠢᠷᠠᠭᠤ ᠠᠶ᠎ᠠ ᠰᠢᠯᠦᠭ ᠪᠤᠯᠵᠤ ᠨᠤᠲ ᠪᠤᠯᠵᠤ᠂ ᠰᠤᠳᠠᠯ ᠰᠢᠷᠪᠤᠰᠤ ᠰᠦᠭ ᠰᠦᠨᠡᠰᠦᠨ ᠳᠤᠨᠢ ᠤᠶᠠᠩᠭᠠᠷᠠᠨ᠎ᠠ᠃   ᠵᠢᠷᠠ ᠬᠦᠷᠦᠭᠰᠡᠨ᠂ ᠵᠦᠪᠬᠡᠨ ᠵᠢᠷᠠ ᠬᠦᠷᠦᠭᠰᠡᠨ ᠲᠡᠳᠦᠢ᠃   ᠵᠢᠷᠠ ᠲᠠᠢ ᠪᠦᠰᠡᠭᠦᠢ ᠬᠦᠯ ᠬᠦᠩᠭᠡᠭᠡᠨ ᠪᠠᠶᠢᠬᠤ ᠤᠴᠢᠷᠳᠠᠢ᠃ ᠬᠤᠯᠠ ᠶᠠᠪᠤᠵᠤ ᠬᠤᠳᠠᠯᠠ ᠶᠢ ᠲᠤᠭᠤᠷᠢᠬᠤ ᠠᠶᠠᠯᠠᠯ ᠳᠤ ᠭᠠᠷᠬᠤ ᠶᠤᠮ᠃ ᠠᠩᠬ᠎ᠠ ᠤᠳᠠᠭ᠎ᠠ ᠠᠭᠠᠷ ᠢᠶᠠᠷ ᠨᠢᠰᠴᠤ ᠮᠦᠷᠦᠭᠡᠳᠦᠯ ᠤᠨ ᠰᠢᠨᠵᠢᠶᠠᠩ ᠳᠤ ᠬᠦᠷᠴᠠᠢ᠃ ᠲᠡᠷᠡ ᠨᠢᠰᠭᠡᠯ ᠬᠦᠯ ᠢ ᠬᠦᠷᠦᠰᠦᠨ ᠳᠤ ᠬᠦᠷᠭᠡᠯ ᠦᠭᠡᠢ ᠵᠠᠢ ᠶᠢ ᠲᠤᠪᠴᠢᠯᠠᠵᠤ ᠵᠠᠮ ᠢ ᠪᠤᠭᠤᠨᠢᠰᠬᠠᠭᠠᠳ ᠭᠤᠷᠪᠠᠭᠠᠨ ᠴᠠᠭ ᠤᠨ ᠲᠠᠷᠠᠭ᠎ᠠ ᠰᠢᠨᠵᠢᠶᠠᠩ ᠤᠨ ᠠᠭᠤᠯᠠ ᠤᠰᠤᠨ ᠳᠤ ᠪᠠᠭᠤᠯᠭᠠᠭᠰᠠᠨ ᠶᠤᠮ᠂ ᠨᠢᠭᠡ ᠠᠭᠤᠯᠠᠨ ᠳᠤ ᠲᠦᠷᠪᠠᠨ ᠤᠯᠠᠷᠢᠯ ᠡᠭᠡᠯᠵᠢᠯᠡᠵᠤ ᠪᠠᠶᠢᠭ᠎ᠠ ᠶᠢ ᠦᠵᠡᠬᠦ ᠳᠤ ᠰᠠᠶᠢᠬᠠᠨ᠂ ᠬᠦᠷᠳᠡᠬᠦ ᠳᠤ ᠭᠠᠶᠢᠬᠠᠮᠰᠢᠭᠳᠡᠢ᠃ ᠮᠦᠰᠦ ᠴᠠᠰᠤᠨ ᠤᠷᠬᠢᠯ ᠢ ᠨᠢ ᠪᠠᠷᠠᠯᠠᠵᠤ᠂ ᠮᠠᠯᠮᠠᠷᠠᠨ ᠤᠷᠤᠰᠬᠤ ᠬᠠᠶᠢᠯ ᠳᠤᠨᠢ ᠪᠠᠶᠠᠰᠴᠤ᠂ ᠴᠡᠴᠡᠭ ᠨᠠᠪᠴᠢ ᠲᠡᠯᠭᠡᠷᠡᠭᠰᠡᠨ ᠬᠤᠷᠮᠤᠢ ᠳᠤᠨᠢ ᠬᠤᠷᠭᠤᠳᠠᠵᠤ᠂ ᠰᠠᠶᠢᠬᠠᠨ ᠰᠠᠶᠢᠷᠠᠮ ᠲᠠᠢ ᠤᠯᠠᠭᠠᠨ ᠨᠢᠭᠤᠷ ᠢᠶᠠᠷ ᠢᠶᠠᠨ ᠠᠭᠤᠯᠵᠠᠯ᠎ᠠ᠃ ᠴᠠᠬᠠᠷ ᠴᠠᠶᠢᠯᠠᠯᠭ᠎ᠠ᠂ ᠦᠢᠷᠡᠳ ᠲᠠᠶᠢᠯᠠᠯᠭ᠎ᠠ᠂ ᠦᠢᠷ᠎ᠡ ᠲᠤᠳᠤᠨᠤ ᠬᠠᠷᠢᠯᠴᠠᠭ᠎ᠠ ᠶᠠᠪᠤᠯᠴᠠᠭ᠎ᠠ ᠬᠠᠨ ᠬᠤᠷᠸ᠎ᠠ ᠶᠢ ᠵᠢᠵᠢᠭᠷᠡᠭᠦᠯᠵᠦ ᠬᠠᠷᠢᠨ ᠵᠦᠪᠬᠡᠨ ᠵᠢᠷᠠ ᠲᠠᠢ ᠪᠢᠳᠡᠨᠤᠰ ᠯᠠ ᠵᠢᠷᠭᠠᠯᠳᠠᠢ ᠬᠡᠮᠠᠷ ᠪᠠᠶᠢᠵᠠᠢ᠃ ᠲᠡᠷᠡ ᠬᠤᠯᠠ ᠶᠢᠨ ᠲᠡᠤᠭᠡ ᠨᠢ ᠲᠡᠷᠡ ᠴᠢᠭ ᠲᠡᠭᠡᠨ ᠬᠠᠯᠠᠭᠤᠬᠠᠨ ᠤᠷᠤᠮ ᠲᠠᠢ᠂ ᠲᠦᠷᠦ ᠶᠢᠨ ᠦᠬᠢᠳ ᠤᠨ ᠤᠯᠠᠭ᠎ᠠ ᠦᠷᠳᠡᠭᠡ᠂ ᠲᠤᠷᠭᠠᠨ ᠵᠠᠮ ᠤᠨ ᠦᠨ᠎ᠡ ᠬᠠᠶᠠᠯᠴᠠᠭ᠎ᠠ᠂ ᠲᠡᠮᠡᠭᠡᠨ ᠵᠢᠩ ᠤᠨ ᠬᠤᠩᠬᠤᠨ ᠲᠠᠭᠤᠨ᠂ ᠪᠠᠰᠠ ᠰᠤᠳᠤᠨ ᠪᠡᠶᠡᠯᠡᠯ ᠰᠠᠪᠠᠷᠳᠠᠩ᠂ ᠦᠨᠦᠷ ᠦᠳᠭᠡᠨ ᠤᠷᠳᠤ ᠶᠢᠨ ᠲᠠᠭᠤᠤ᠂ ᠴᠠᠭᠡᠵᠢ ᠰᠠᠶᠢᠳᠤ ᠶᠢᠨ ᠬᠠᠶᠢᠯᠳᠠᠭ ᠭᠡᠰᠡᠷ ᠵᠠᠩᠭᠠᠷ ᠭᠡᠳ ᠦᠨᠢᠷ ᠪᠠᠶᠠᠯᠢᠭ ᠰᠢᠨᠵᠢᠶᠠᠩ ᠤᠨ ᠦᠩᠭᠡ ᠦᠵᠡᠮᠵᠢ ᠦᠯᠢᠭᠡᠷ ᠲᠠᠤᠬᠡ᠂ ᠬᠦᠮᠦᠨ ᠵᠤᠨ ᠤ ᠴᠠᠶᠢᠯᠭᠠᠨ ᠴᠠᠭᠠᠪᠤᠷ ᠤᠨ ᠠᠯᠢ ᠶᠢ ᠨᠢ ᠶᠠᠷᠢᠬᠤᠪ ᠳ᠋ᠠ᠃   ᠠᠮᠵᠢᠭᠠᠳ ᠪᠠᠰᠠ ᠠᠯᠠᠱᠠ ᠳᠤ ᠬᠦᠷᠦᠯ᠎ᠡ᠂ ᠠᠯᠠᠱᠠ ᠸᠠᠩ ᠤᠨ ᠤᠷᠳᠤᠨ ᠤ ᠪᠤᠱᠤᠭ᠎ᠠ ᠶᠢ ᠬᠦᠯ ᠬᠦᠩᠬᠡᠬᠡᠨ ᠠᠯᠬᠤᠨ᠂ ᠡᠷᠳᠡ ᠡᠳᠦᠭᠡ ᠶᠢ ᠨᠢ ᠰᠡᠭᠦᠵᠦ ᠵᠠᠬ᠎ᠠ ᠵᠤᠬᠠᠰ ᠠᠴᠠ ᠴᠤ ᠭᠡᠰᠡᠨ ᠤᠶᠢᠯᠠᠭᠠᠨ᠂ ᠸᠠᠩ ᠤᠨ ᠬᠠᠳᠤᠨ ᠰᠧᠪᠡᠯᠮ᠎ᠡ ᠶᠢᠨ ᠦᠰᠴᠤ ᠲᠦᠷᠦᠭᠰᠡᠨ ᠭᠠᠵᠠᠷ ᠰᠢᠷᠦᠢ ᠲᠡᠭᠡᠷ᠎ᠡ ᠤᠯᠠ ᠮᠦᠷ ᠢ ᠨᠢ ᠬᠠᠶᠢᠵᠦ᠂ ᠬᠤᠯᠠ ᠮᠣᠷᠲᠠᠬᠰᠠᠨ ᠨᠠᠪᠴᠢ ᠭᠦᠩᠵᠦ ᠶᠢᠨ ᠰᠠᠨᠠᠯ ᠮᠦᠷᠦᠭᠡᠳᠦᠯ ᠢ ᠮᠡᠳᠡᠷᠡᠨ᠂ ᠭᠤᠷᠪᠠᠨ ᠮᠢᠩᠭᠠᠨ ᠤᠨ ᠤ ᠡᠮᠤᠨᠡᠬᠢ ᠲᠤᠤᠷᠠᠢ ᠶᠢᠨ ᠪᠤᠯᠵᠤᠭ᠎ᠠ ᠳᠤ ᠵᠠᠪᠳᠤᠭᠠᠳ ᠤᠴᠢᠭᠰᠡᠨ ᠨᠢ ᠮᠦᠨ ᠵᠤᠯ ᠵᠠᠪᠰᠢᠶᠠᠨ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号