ᠲᠠᠮᠠᠬᠢ ᠶᠢᠨ ᠤᠭᠤᠳᠠ ᠤᠶᠤᠬᠤ ᠮᠡᠷᠭᠡᠵᠢᠯ
ᠨᠡᠶᠢᠲᠡᠯᠡᠭᠰᠡᠨ ᠴᠠᠭ᠄
2024/8/5
   ᠮᠤᠩᠭᠤᠯ ᠦᠨᠳᠣᠰᠣᠳᠡᠨ ᠦᠪᠡᠷ ᠤᠨ ᠢᠶᠠᠨ ᠵᠠᠩ ᠵᠠᠩᠰᠢᠯ ᠲᠠᠢ ᠪᠠᠶᠢᠳᠠᠭ ᠠᠴᠠ ᠡᠷᠲᠡ ᠢᠵᠠᠭᠤᠷ ᠠᠴᠠ ᠪᠠᠨ ᠦᠪᠯᠡᠨ ᠤᠯᠠᠮᠵᠢᠯᠠᠭᠰᠠᠨ ᠲᠡᠭᠷᠢ ᠭᠠᠵᠠᠷ ᠢ ᠲᠠᠬᠢᠬᠤ᠂ ᠭᠠᠯ ᠣᠰᠣ ᠪᠠᠨ ᠲᠠᠬᠢᠬᠤ᠂ ᠤᠪᠤᠭ᠎ᠠ ᠱᠠᠩᠰᠢ ᠲᠠᠬᠢᠬᠤ ᠁ ᠵᠡᠷᠭᠡ ᠶᠢᠨ ᠠᠯᠢ ᠤᠯᠠᠨ ᠶᠤᠰᠤ ᠵᠠᠩᠰᠢᠯ ᠪᠠᠶᠢᠳᠠᠭ᠃ ᠵᠢᠱᠢᠶᠡᠯᠡᠪᠡᠯ᠄ ᠠᠯᠤᠰ ᠬᠤᠯᠠ ᠶᠢᠨ ᠠᠶᠠᠨ ᠵᠠᠮ ᠳᠤ ᠮᠤᠷᠳᠠᠬᠤ ᠳᠤ ᠴᠦ ᠰᠠᠷᠬᠤᠳ ᠢᠶᠠᠨ ᠰᠦᠷᠴᠢᠵᠦ᠂ ᠰᠠᠴᠤᠯᠢ ᠪᠠᠨ ᠮᠢᠯᠢᠶᠠᠳᠠᠭ᠃ ᠡᠨᠡ ᠨᠢ ᠲᠠᠷᠦᠢ ᠦᠪᠡᠷ ᠢ ᠪᠠᠨ ᠰᠠᠶᠢᠨ ᠰᠠᠶᠢᠬᠠᠨ ᠤ ᠬᠦᠰᠡᠯ ᠰᠡᠳᠭᠢᠯᠭᠡ ᠪᠠᠨ ᠪᠡᠶᠡᠯᠡᠬᠦᠯᠬᠦ ᠶᠢ ᠵᠦᠩᠨᠡᠵᠦ ᠪᠠᠶᠢᠭ᠎ᠠ ᠵᠠᠩ ᠵᠠᠩᠰᠢᠯ ᠪᠣᠯᠣᠨ᠎ᠠ᠃ ᠡᠷᠲᠡ ᠳᠤ ᠮᠤᠩᠭᠤᠯᠴᠤᠳ ᠪᠡᠶ᠎ᠡ ᠳᠡᠭᠡᠨ ᠶᠡᠷᠦᠨᠢ ︽ᠭᠠᠯ︾ ᠠᠪᠴᠤ ᠶᠠᠪᠤᠳᠠᠭ᠃ ᠡᠨᠡ ︽ᠭᠠᠯ︾ ᠨᠢ ᠭᠠᠯ ᠡᠭᠦᠰᠭᠡᠭᠦᠷ ᠴᠠᠬᠢᠭᠤᠷ ᠴᠢᠯᠠᠭᠤ ᠭᠡᠳᠡ ᠬᠢᠳᠤᠭ᠎ᠠ ᠪᠤᠯᠤᠨ᠎ᠠ᠃ ᠴᠠᠬᠢᠭᠤᠷ ᠭᠡᠳᠡ ᠶᠢ ᠬᠠᠯᠠᠭᠤᠨ ᠭᠠᠯ᠂ ᠲᠤᠯᠠᠭᠠᠨ ᠢᠯᠴᠢ ᠶᠢᠨ ᠪᠠᠯᠭᠡ ᠲᠡᠮᠳᠡᠭ ᠢᠶᠠᠷ ᠦᠵᠡᠵᠦ᠂ ᠦᠷᠭᠡᠨ ᠠᠭᠤᠳᠠᠮ ᠲᠠᠯ᠎ᠠ ᠨᠣᠳᠤᠭ ᠲᠤ ᠪᠠᠨ ᠨᠡᠭᠦᠳᠡᠯᠯᠡᠨ ᠮᠠᠯᠵᠢᠬᠤ  ᠳᠤ ᠪᠠᠨ ︽ᠭᠠᠯ︾ ᠢᠶᠠᠨ ᠪᠡᠶ᠎ᠡ ᠳᠤ ᠪᠠᠨ ᠠᠪᠴᠦ ᠶᠠᠪᠤᠵᠦ᠂ ᠬᠦᠢᠳᠡᠨ ᠨᠦᠢᠳᠡᠨ ᠳᠤ ᠭᠠᠯ ᠲᠦᠯᠡᠵᠦ ᠪᠡᠶ᠎ᠡ ᠪᠠᠨ ᠲᠤᠯᠠᠭᠠᠴᠢᠬᠤ ᠪᠠ ᠲᠠᠮᠠᠬᠢ ᠲᠠᠳᠠᠵᠦ ᠪᠡᠶ᠎ᠡ ᠪᠠᠨ ᠬᠠᠯᠠᠰᠬᠠᠳᠠᠭ ᠶᠤᠮ᠃ ᠮᠤᠩᠭᠤᠯᠴᠤᠳ ᠬᠢᠳᠤᠭ᠎ᠠ ᠶᠢ ᠬᠤᠤᠷᠲᠠᠨ ᠲᠠᠶᠢᠰᠣᠨ ᠤ ᠲᠠᠷᠤᠯᠭ᠎ᠠ ᠭᠡᠵᠦ ᠦᠵᠡᠳᠡᠭ ᠠᠴᠠ ᠦᠳᠡᠯᠥᠭᠰᠡᠨ ᠵᠠᠯᠠᠭᠤ ᠦᠭᠡᠢ ᠭᠠᠳᠠᠭᠰᠢ ᠭᠠᠷᠪᠠᠯ ᠪᠦᠰᠡᠨ ᠠᠴᠠ ᠪᠠᠨ ᠬᠢᠳᠤᠭ᠎ᠠ ᠰᠠᠯᠭᠠᠯ ᠦᠭᠡᠢ ᠰᠦᠢᠷᠡᠳᠡᠭ ᠵᠠᠩᠰᠢᠯ ᠲᠠᠢ᠃ ᠡᠷ᠎ᠡ ᠬᠦᠮᠥᠨ ᠬᠢᠳᠤᠭ᠎ᠠ ᠪᠠᠨ ᠪᠠᠷᠠᠭᠤᠨ ᠲᠠᠯ᠎ᠠ ᠳᠠᠭᠠᠨ ᠵᠡᠬᠦᠵᠦ᠂ ᠬᠡᠳᠡ ᠪᠠ ᠭᠠᠩᠰᠠ᠂ ᠲᠠᠮᠠᠬᠢᠨ ᠣᠭᠤᠳᠠ ᠪᠠᠨ ᠵᠡᠬᠦᠨ ᠲᠠᠯ᠎ᠠ ᠳᠠᠭᠠᠨ ᠵᠡᠬᠦᠳᠡᠭ᠃ ᠭᠡᠭᠦ ᠳᠡᠭᠡᠨ ᠡᠪᠣᠭᠡᠴᠣᠳ ᠪᠠ ᠵᠠᠯᠠᠭᠤᠴᠤᠳ ᠤᠨ ᠵᠡᠬᠦᠬᠦ ᠭᠡᠳᠡ ᠬᠢᠳᠤᠭ᠎ᠠ᠂ ᠳ᠋ᠠᠢ ᠲᠠᠮᠠᠬᠢᠨ ᠤᠭᠤᠳᠠ ᠨᠢ ᠦᠩᠭᠡ ᠪᠣᠳᠤᠭ ᠪᠠ ᠬᠢᠴᠡ ᠶᠢᠨ ᠲᠠᠯ᠎ᠠ ᠪᠠᠷ ᠪᠦᠷᠢᠨ ᠢᠯᠭᠠᠭ᠎ᠠ ᠵᠦᠷᠢᠶ᠎ᠡ ᠲᠠᠢ ᠪᠠᠶᠢᠳᠠᠭ᠃ ᠲᠠᠮᠠᠬᠢᠨ ᠤᠭᠤᠳᠠ ᠶᠢ ᠮᠤᠩᠭᠤᠯᠴᠤᠳ ᠲᠦᠢᠯ ᠢᠶᠠᠷ ᠡᠷᠬᠢᠮᠯᠡᠳᠡᠭ᠃ ᠲᠠᠮᠠᠬᠢᠨ ᠤᠭᠤᠲᠠ ᠨᠢ ᠨᠠᠪᠴᠢᠨ ᠲᠠᠮᠠᠬᠢ  ᠪᠠᠨ ᠬᠢᠳᠡᠭ ᠤᠭᠤᠳᠠ ᠶᠢ ᠬᠡᠯᠡᠨ᠎ᠡ᠃ ᠲᠠᠮᠠᠬᠢᠨ ᠤᠭᠤᠳᠠ ᠶᠢ ᠶᠠᠩᠵᠦ ᠪᠤᠯᠭᠠᠨ ᠢᠶᠠᠷ ᠬᠢᠳᠡᠭ᠃ ᠵᠡᠭᠡᠷ᠎ᠡ ᠵᠡᠷᠭᠡ  ᠶᠢᠨ ᠬᠡᠬᠡᠷ᠎ᠡ ᠶᠢᠨ ᠠᠮᠢᠳᠡᠨ ᠤ ᠠᠷᠠᠰᠦ ᠪᠤᠶᠤ ᠦᠭᠡᠷ ᠮᠠᠯ ᠤᠨ ᠴᠠᠪᠢ ᠰᠣᠭᠤ ᠶᠢᠨ ᠵᠦᠭᠡᠯᠡᠨ ᠠᠷᠠᠰᠣ᠂ ᠬᠤᠨᠢᠨ ᠠᠷᠠᠰᠣ ᠶᠢ ᠵᠦᠭᠡᠯᠡᠷᠡᠳᠡᠯ᠎ᠡ ᠡᠯᠳᠡᠵᠦ᠂ ᠡᠪ ᠶᠠᠩᠵᠤᠳᠠᠢ ᠤᠭᠤᠳᠠ ᠪᠤᠯᠭᠠᠵᠦ ᠣᠶᠣᠬᠤ ᠳᠤ ᠪᠠᠨ ᠢᠷᠦᠭᠠᠷ ᠲᠤ ᠨᠢ ᠨᠢᠮᠭᠡᠨ ᠰᠣᠷ ᠢ ᠨᠠᠷᠢᠨ ᠵᠦᠰᠣᠵᠦ᠂ ᠰᠠᠴᠤᠭ ᠮᠤᠨᠴᠤᠭ ᠪᠤᠯᠭᠠᠨ ᠬᠢᠭᠰᠡᠨ ᠠᠷᠠᠰᠣᠨ ᠤᠭᠤᠳᠠ ᠪᠠᠶᠢᠨ᠎ᠠ᠃ ᠠᠮᠠᠰᠠᠷ ᠲᠡᠭᠡᠷ᠎ᠡ ᠨᠢ ᠦᠯᠵᠡᠢ ᠵᠠᠩᠬᠢᠶ᠎ᠠ ᠵᠡᠷᠭᠡ ᠪᠡᠯᠭᠡ ᠲᠠᠢ ᠶᠠᠭᠤᠮ᠎ᠠ ᠵᠠᠩᠭᠢᠳᠳᠠᠭ᠃ ᠤᠭᠤᠳᠠᠨ ᠲᠡᠭᠡᠷ᠎ᠡ ᠪᠠᠰᠠ ᠭᠠᠩᠰᠠ  ᠶᠢᠨ ᠰᠢᠪᠤᠭᠦᠷ ᠪᠠ ᠴᠢᠬᠢᠨ ᠤᠬᠤᠴᠢᠭᠤᠷ᠂ ᠰᠢᠳᠦᠨ ᠴᠢᠭᠴᠢᠯᠡᠬᠦᠷ ᠢᠶᠠᠨ ᠬᠤᠯᠪᠤᠴᠢᠬᠠᠳᠠᠭ᠃ ᠪᠦᠰ ᠪᠤᠶᠤ ᠲᠤᠷᠭ᠎ᠠ ᠲᠤᠷᠳᠤᠩ ᠢᠶᠠᠷ ᠲᠠᠮᠠᠬᠢᠨ ᠤᠭᠤᠳᠠ ᠬᠢᠬᠦ ᠳᠡᠭᠡᠨ ᠲᠡᠭᠡᠷ᠎ᠡ ᠨᠢ ᠵᠠᠪᠠᠯ ᠬᠠᠳᠬᠤᠮᠠᠯ ᠪᠤᠶᠤ ᠨᠠᠭᠠᠮᠠᠯ ᠬᠤᠸᠠᠷ ᠤᠶᠤᠨ᠎ᠠ᠃ ᠬᠤᠸᠠᠷ ᠲᠠᠢ ᠤᠭᠤᠳᠠᠨ ᠳᠤ ᠵᠠᠪᠠᠯ ᠫᠢᠶᠤᠤᠳᠠᠢ ᠬᠢᠨ᠎ᠡ᠃ ᠫᠢᠶᠤᠤᠳᠠᠢ ᠶᠢᠨ ᠲᠤᠭ᠎ᠠ  ᠨᠢ ᠬᠤᠶᠠᠷ᠂ ᠲᠦᠷᠪᠡ᠂ ᠵᠢᠷᠭᠤᠭ᠎ᠠ᠂ ᠨᠠᠢᠮᠠ ᠶᠢᠨ ᠪᠦᠷ ᠪᠠᠶᠢᠵᠦ ᠪᠤᠯᠤᠨ᠎ᠠ᠃ ᠵᠢᠷᠭᠤᠭ᠎ᠠ᠂ ᠨᠠᠢᠮᠠᠨ ᠫᠢᠶᠤᠤᠳᠠᠢ ᠲᠠᠢ ᠤᠭᠤᠳᠠ ᠶᠢ ᠣᠯᠠᠩᠭᠢ ᠳᠤ ᠪᠠᠨ ᠰᠢᠨ᠎ᠡ ᠬᠦᠷᠭᠡᠨ ᠳᠤ ᠵᠡᠬᠦᠯᠭᠡᠳᠡᠭ᠃ ᠵᠠᠷᠢᠮ ᠶᠡᠭᠡ ᠯᠠᠷᠵᠠ ᠰᠣᠷᠳᠣᠭᠤ ᠲᠠᠢ ᠶᠡᠷᠦ ᠶᠢᠨ ᠬᠦᠮᠥᠨ ᠴᠦ ᠡᠶᠢᠮᠥ ᠤᠭᠤᠳᠠ ᠶᠢ ᠵᠡᠭᠦᠴᠢᠭᠡᠳᠡᠭ᠃ ᠡᠶᠢᠮᠥ ᠤᠭᠤᠳᠠ ᠶᠢ ᠪᠤᠯ ᠶᠡᠷᠦ ᠶᠢᠨ ᠤᠭᠤᠳᠠ ᠠᠴᠠ ᠪᠠᠨ ᠶᠡᠭᠡ ᠪᠦᠭᠡᠳ ᠬᠤᠶᠠᠷ ᠲᠠᠯ᠎ᠠ ᠳᠤᠨᠢ ᠪᠦᠷ ᠬᠤᠸᠠᠷ ᠣᠶᠣᠬᠤ ᠪᠠ ᠭᠠᠭᠴᠠ ᠲᠠᠯ᠎ᠠ ᠳᠤᠨᠢ ᠬᠤᠸᠠᠷ ᠣᠶᠣᠭᠰᠠᠨ ᠴᠦ ᠪᠤᠯᠤᠨ᠎ᠠ᠃ ᠶᠡᠷᠦ ᠶᠢᠨ ᠲᠠᠮᠠᠬᠢᠨ ᠤᠭᠤᠳᠠ ᠶᠢ ᠪᠤᠯ ᠨᠠᠷᠢᠨ ᠦᠵᠦᠭᠦᠷᠯᠡᠵᠦ ᠲᠤᠮᠲᠠ ᠠᠴᠠ ᠲᠡᠭᠡᠭᠰᠢ ᠬᠡᠰᠡᠭ ᠲᠤ ᠪᠣᠰᠤᠭ᠎ᠠ ᠠᠮᠠᠰᠠᠷ ᠭᠠᠷᠭᠠᠳᠠᠭ᠃ ᠡᠷᠡᠭᠳᠡᠶᠢᠴᠣᠳ ᠪᠤᠯ ᠲᠠᠮᠠᠬᠢᠨ ᠤᠭᠤᠳᠠᠨ ᠳᠠᠭᠠᠨ ᠡᠯᠬᠦᠬᠦᠷ ᠬᠢᠵᠦ ᠵᠡᠬᠦᠨ ᠲᠠᠰᠢᠶ᠎ᠠ ᠲᠡᠭᠡᠷ᠎ᠡ ᠪᠠᠨ ᠰᠦᠢᠷᠡᠳᠡᠭ᠃ ᠡᠮᠡᠭᠳᠡᠢ ᠬᠦᠮᠥᠨ ᠪᠤᠯ ᠤᠭᠤᠳᠠᠨ ᠳᠠᠭᠠᠨ ᠡᠯᠬᠦᠬᠦᠷ ᠬᠢᠳᠡᠭ ᠦᠭᠡᠢ᠃ ᠶᠡᠷᠦ ᠶᠢᠨ ᠦᠶ᠎ᠡ ᠳᠤ ᠤᠯᠠᠩᠭᠢ ᠨᠢ ᠰᠣᠭᠤ ᠶᠢᠨ ᠲᠤᠪᠴᠢᠨ ᠠᠴᠠ  ᠪᠠᠨ ᠡᠯᠬᠦᠵᠦ ᠵᠡᠬᠦᠵᠦ ᠶᠠᠪᠤᠳᠠᠭ᠃ ᠪᠠᠰᠠ ᠵᠠᠷᠢᠮ ᠨᠢ ᠬᠠᠷᠮᠠᠨ ᠳᠠᠭᠠᠨ ᠬᠢᠴᠢᠭᠡᠳᠡᠭ ᠴᠦ ᠪᠤᠢ᠃ ᠤᠭᠤᠳᠠᠨ ᠡᠯᠭᠦᠭᠦᠷ ᠲᠤ ᠶᠠᠩᠵᠦ ᠶᠢᠨ ᠡᠳ᠋ ᠢᠶᠠᠷ ᠬᠢᠭᠰᠡᠨ ᠡᠯᠬᠦᠬᠦᠷ ᠪᠠᠶᠢᠳᠠᠭ᠃ ᠵᠢᠩᠭᠢᠨᠢ ᠬᠠᠰ ᠡᠯᠬᠦᠬᠦᠷ ᠪᠤᠯ ᠬᠤᠷᠴᠢᠨᠴᠤᠳ  ᠤᠨ ᠬᠠᠶᠢᠷᠯᠠᠵᠦ ᠡᠷᠬᠢᠮᠯᠡᠳᠡᠭ ᠡᠳ᠋ ᠪᠤᠯᠤᠨ᠎ᠠ᠃ ᠡᠭᠦᠨ ᠠᠴᠠ ᠭᠠᠳᠠᠨ᠎ᠠ ᠮᠥᠩᠭᠦᠨ ᠡᠯᠭᠦᠭᠦᠷ᠂ ᠤᠵᠢᠷᠭᠠᠨ ᠰᠡᠶᠢᠯᠥᠮᠡᠯ᠂ ᠮᠥᠩᠭᠦᠨ ᠵᠤᠭᠤᠰ᠂ ᠵᠡᠰ᠂ ᠭᠠᠣᠯᠢ ᠵᠡᠷᠭᠡ ᠪᠠᠷ ᠬᠢᠭᠰᠡᠨ ᠡᠯᠬᠦᠬᠦᠷ ᠴᠦ ᠪᠠᠶᠢᠳᠠᠭ᠃ ᠬᠦᠮᠥᠰ ᠤᠨ ᠠᠮᠢᠳᠦᠷᠠᠯ ᠤᠨ ᠦᠭᠡᠷᠡᠴᠢᠯᠡᠯᠲᠡ ᠬᠦᠭᠵᠢᠯᠲᠡ ᠶᠢ ᠢᠳᠡᠭ ᠢᠳᠡᠭ ᠢᠶᠠᠷ ᠲᠠᠭᠠᠯᠳᠣᠨ ᠵᠤᠬᠢᠴᠠᠯᠳᠣᠭᠤᠯᠵᠦ ᠪᠦᠰ ᠢᠶᠠᠷ ᠬᠢᠳᠡᠭ ᠠᠴᠠ ᠦᠩᠭᠡᠲᠦ ᠲᠤᠷᠭ᠎ᠠ ᠲᠤᠷᠳᠣᠩ ᠢᠶᠠᠷ ᠡᠰᠬᠡᠨ ᠣᠷᠠᠯᠠᠵᠦ ᠤᠶᠤᠭᠠᠳ ᠦᠭᠡᠳᠡ ᠠᠮᠠᠰᠠᠷ ᠲᠠᠢ᠂ ᠪᠡᠯᠭᠡ ᠲᠡᠮᠪᠠᠷᠢᠯ ᠲᠠᠢ ᠲᠠᠮᠠᠬᠢᠨ ᠤᠭᠤᠳᠠ ᠪᠤᠯᠭᠠᠨ ᠭᠡᠷᠡᠭᠯᠡᠬᠦ ᠪᠤᠯᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号