ᠤᠯᠠᠮᠵᠢᠯᠠᠯᠳᠤ ᠴᠠᠭᠠᠨ ᠢᠳᠡᠭᠡ — ᠴᠠᠭ᠎ᠠ
ᠨᠡᠶᠢᠲᠡᠯᠡᠭᠰᠡᠨ ᠴᠠᠭ᠄
2024/5/6
   ᠠᠶᠢᠷᠠᠭ ᠢᠶᠠᠨ ᠪᠤᠴᠠᠯᠭᠠᠵᠤ ᠠᠷᠢᠬᠢ ᠨᠡᠷᠡᠵᠦ ᠠᠪᠤᠭᠠᠳ ᠦᠯᠡᠳᠡᠭᠰᠡᠨ ᠢ ᠴᠠᠭ᠎ᠠ ᠬᠡᠨ᠎ᠡ᠃ ᠲᠡᠭᠦᠨ ᠢᠶᠠᠷ ᠭᠤᠤᠯᠳᠠᠭᠤ ᠠᠭᠠᠷᠤᠤᠯ᠂ ᠠᠭᠠᠷᠴᠠᠨ ᠬᠤᠷᠤᠳ᠂ ᠬᠤᠭᠤᠷᠮᠠᠭ ᠬᠢᠨ᠎ᠡ᠃ ᠴᠠᠭ᠎ᠠ ᠪᠤᠯ ᠬᠦᠴᠦᠯᠢᠭ ᠠᠮᠳᠠᠳᠠᠢ ᠰᠠᠶᠢᠬᠠᠨ ᠤᠮᠳᠠᠭᠠᠨ ᠪᠦᠬᠡᠳ ᠱᠦᠯᠦ ᠲᠠᠢ ᠬᠤᠭᠤᠯᠠᠨ ᠳᠤ ᠭᠤᠶᠤ ᠰᠠᠶᠢᠬᠠᠨ ᠠᠮᠳᠠ ᠰᠢᠮᠳᠡ ᠤᠷᠤᠭᠤᠯᠳᠠᠭ ᠪᠠᠶᠢᠨ᠎ᠠ᠃ ᠡᠪᠦᠯ ᠬᠠᠪᠤᠷ ᠤᠨ ᠴᠠᠭ ᠲᠤ ᠮᠠᠭᠤᠳᠠᠵᠤ ᠲᠠᠷᠳᠠᠭᠰᠠᠨ ᠮᠠᠯ ᠳᠤ ᠪᠦᠯᠢᠶᠡᠨ ᠤᠰᠤ ᠲᠠᠢ ᠴᠠᠭ᠎ᠠ ᠬᠤᠯᠢᠵᠤ ᠤᠤᠭᠤᠯᠭᠠᠪᠠᠯ ᠲᠠᠷᠦ᠋ᠢᠬᠠᠨ ᠰᠡᠬᠡᠵᠦ ᠲᠠᠮᠢᠷ ᠤᠷᠤᠳᠠᠭ᠃ ᠦᠬᠡᠷ ᠬᠤᠨᠢᠨ ᠤ ᠠᠷᠠᠰᠤ ᠢᠳᠡᠭᠡᠯᠡᠬᠦ ᠳᠤ ᠪᠠᠰᠠ ᠴᠠᠭ᠎ᠠ ᠭᠡᠷᠡᠭᠯᠡᠨ᠎ᠡ᠃ ᠴᠠᠭ᠎ᠠ ᠪᠠᠷ ᠢᠳᠡᠭᠡᠯᠡᠭᠰᠡᠨ ᠠᠷᠠᠰᠤ ᠰᠢᠷᠢ ᠶᠢᠨ ᠬᠦᠷᠦᠰᠦ ᠪᠠᠬᠢᠯᠢᠭ᠌᠂ ᠴᠢᠬᠢᠭ ᠨᠦᠢᠳᠠᠨ  ᠳᠤ ᠲᠡᠰᠪᠦᠷᠢ ᠲᠠᠢ᠂ ᠨᠤᠷᠴᠤ ᠴᠢᠭᠢᠭᠳᠦᠭᠰᠡᠨ ᠴᠤ ᠠᠮᠠᠷᠬᠠᠨ ᠬᠠᠳᠠᠭᠤᠷᠠᠵᠤ ᠬᠤᠷᠴᠠᠶᠢᠳᠠᠭ ᠦᠬᠡᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号