ᠮᠤᠷᠢᠨ ᠤ ᠡᠳ᠋ᠯᠠᠯ ᠬᠡᠷᠡᠭᠰᠡᠯ ᠵᠢᠴᠢ ᠲᠡᠳᠡᠭᠡᠷ ᠤᠨ ᠨᠠᠷᠠᠶᠢᠳᠤᠯ
ᠨᠡᠶᠢᠲᠡᠯᠡᠭᠰᠡᠨ ᠴᠠᠭ᠄
2024/8/5
    ᠬᠤᠷᠴᠢᠨ ᠬᠠᠨᠭ᠍ᠬᠠᠢ ᠡᠮᠡᠬᠡᠯ ᠢ ᠪᠦᠷᠢᠨ ᠪᠦᠳᠦᠨ ᠡᠮᠡᠬᠡᠯ ᠪᠤᠯᠭᠠᠨ ᠳᠡᠪᠰᠡᠯᠡᠨ ᠴᠢᠮᠡᠭᠯᠡᠬᠦ ᠳᠤ ᠳᠤᠩ ᠤᠯᠠᠨ ᠵᠦᠢᠯ ᠤᠨ ᠨᠡᠷ᠎ᠠ ᠨᠡᠷᠡᠶᠢᠳᠦᠯ ᠲᠠᠢ ᠶᠠᠭᠤᠮ᠎ᠠ ᠶᠢ ᠪᠡᠯᠡᠳᠭᠡᠬᠦ ᠴᠢᠬᠤᠯᠠ ᠲᠠᠢ ᠪᠠᠶᠢᠳᠠᠭ᠃ ᠳᠡᠭᠡᠭᠡᠳ ᠳᠡᠳᠡᠭᠡᠷ ᠵᠦᠢᠯᠡᠰ ᠨᠢ ᠴᠦᠮ ᠦᠪᠡᠷ ᠦᠪᠡᠷ ᠤᠨ ᠳᠤᠭᠳᠠᠭᠰᠠᠨ ᠤᠷᠤᠨ ᠪᠠᠶᠢᠷᠢ ᠲᠠᠢ ᠪᠦᠬᠡᠳ ᠤᠷᠳᠤ ᠤᠬᠤᠷ ᠤᠨ ᠬᠡᠮᠵᠢᠶ᠎ᠠ ᠂ ᠦᠷᠬᠡᠨ ᠨᠠᠷᠢᠨ ᠤ ᠬᠢᠵᠠᠭᠠᠷ᠂ ᠵᠤᠵᠠᠭᠠᠨ ᠨᠢᠮᠬᠡᠨ ᠤ ᠪᠠᠷᠢᠮᠵᠢᠶ᠎ᠠ᠂ ᠦᠡᠭᠭᠡ ᠪᠤᠳᠤᠭ ᠤᠨ ᠢᠯᠭᠠᠯ ᠲᠠᠢ ᠪᠠᠶᠢᠳᠠᠭ᠃ ᠨᠢᠬᠡ ᠪᠦᠷᠢᠨ ᠡᠮᠡᠬᠡᠯ ᠳᠠᠪᠰᠠᠯᠠᠵᠤ ᠤᠭᠰᠠᠷᠠᠬᠤ ᠳᠤ ᠤᠯᠤᠩ᠂ ᠵᠢᠷᠢᠮ᠂ ᠲᠦᠷᠦᠬᠡ᠂ ᠭᠠᠨᠵᠤᠭ᠎ᠠ᠂ ᠲᠤᠬᠤᠮ᠂ ᠬᠦᠯᠢᠮ᠂ ᠬᠠᠷᠠᠤ᠂ ᠳᠠᠪᠰᠠ᠂ ᠳᠠᠷᠤᠭᠤᠯᠭ᠎ᠠ᠂ ᠰᠦᠢᠳᠡᠬᠦᠰᠦ ᠵᠡᠷᠭᠡ ᠶᠢᠨ ᠵᠦᠢᠯᠡᠰ ᠳᠠᠭᠠᠯᠳᠤᠳᠠᠭ᠃ ᠡᠷᠳᠡᠨ ᠤ ᠬᠤᠷᠴᠢᠨ ᠡᠮᠡᠬᠡᠯ ᠳᠤ ᠬᠠᠵᠠᠭᠠᠷ ᠨᠤᠭᠳᠤ᠂ ᠬᠦᠮᠦᠯᠳᠦᠷᠭᠡ᠂ ᠬᠤᠳᠠᠷᠭ᠎ᠠ᠂ ᠮᠢᠯᠠᠭ᠎ᠠ᠂ ᠴᠢᠳᠤᠷ ᠦᠷᠦᠬᠡᠯ ᠳᠤᠱᠠ ᠳᠠᠭᠠᠯᠳᠤᠳᠠᠭ᠃ ᠡᠨᠡ ᠨᠢ ᠰᠠᠶ᠋ᠢ ᠨᠢᠬᠡ ᠬᠦᠯᠦᠭ ᠤᠨᠤᠭ᠎ᠠ ᠶᠢᠨ ᠨᠢᠬᠡᠨ ᠢᠵᠢ ᠪᠦᠷᠢᠨ ᠵᠠᠰᠠᠯ ᠴᠢᠮᠡᠭᠯᠡᠯ ᠪᠠᠶᠢᠪᠠ᠃ ᠤᠯᠤᠩ — — ᠡᠮᠡᠭᠡᠯ ᠤᠨ ᠪᠠᠷᠠᠭᠤᠨ ᠳᠠᠯ᠎ᠠ ︵ᠪᠤᠷᠤᠭᠤᠳᠠᠢ ᠳᠠᠯ᠎ᠠ︶ ᠶᠢᠨ ᠤᠭᠰᠤᠷᠭ᠎ᠠ ᠠᠴᠠ ᠬᠤᠯᠪᠤᠵᠤ᠂ ᠵᠡᠬᠦᠨ ᠳᠠᠯ᠎ᠠ ︵ᠵᠦᠪᠳᠡᠢ ᠳᠠᠯ᠎ᠠ︶ ᠶᠢᠨ ᠵᠢᠷᠢᠮ ᠢ ᠰᠢᠷᠭᠤᠭᠤᠯᠵᠤ ᠳᠠᠳᠠᠨ᠂ ᠭᠤᠷᠬᠢᠯᠠᠵᠤ ᠳᠡᠪᠡᠭᠡᠯᠡᠬᠦ ᠳᠡᠭᠡᠰᠤ ᠶᠢ ᠤᠯᠤᠩ ᠭᠡᠨ᠎ᠠ᠃ ᠤᠯᠤᠩ ᠢ ᠬᠢᠯᠭᠠᠰᠤ ᠤᠡᠭᠭᠠᠰᠤᠨ ᠨᠠᠷᠢᠨ ᠵᠡᠭᠡᠭ ᠢ ᠵᠢᠷᠭᠤᠭ᠎ᠠ ᠪᠠᠷ ᠵᠡᠷᠭᠡᠴᠡᠬᠦᠯᠦᠨ ᠤᠶᠤᠬᠤ ᠪᠤᠶᠤ ᠡᠰᠡᠬᠦᠯ᠎ᠠ ᠰᠦᠯᠵᠢᠵᠦ ᠬᠦᠷᠦᠵᠦ ᠵᠤᠬᠢᠶᠠᠳᠠᠭ᠃ ᠪᠠᠰᠠ ᠵᠦᠬᠡᠯᠡᠨ ᠰᠤᠷ ᠢ ᠨᠠᠷᠢᠨ ᠵᠦᠰᠦᠵᠦ ᠰᠦᠯᠵᠢᠵᠦ ᠬᠢᠳᠡᠭ ᠪᠤᠶᠤ ᠪᠦᠰ  ᠢᠶᠠᠷ ᠪᠦᠷᠢᠵᠦ ᠤᠶᠤᠵᠤ ᠬᠢᠭᠰᠡᠨ ᠴᠦ ᠬᠠᠶᠠ ᠬᠠᠷᠠᠭᠳᠠᠳᠠᠭ᠃ ᠤᠯᠤᠩ ᠢ ᠪᠦᠬᠡᠷᠡᠩᠭᠡᠢ ᠳᠡᠭᠡᠰᠤ ᠪᠠᠷ ᠬᠢᠳᠡᠭ ᠦᠭᠡᠢ᠃ ᠬᠦᠯᠦᠭ ᠤᠨᠤᠭ᠎ᠠ ᠶᠢᠨ ᠭᠡᠢ ᠮᠤᠷᠢ ᠬᠡᠪᠳᠡᠨ᠎ᠠ ᠭᠡᠳᠡᠭ᠃ ᠮᠤᠷᠢᠨ ᠡᠮᠡᠬᠡᠯ ᠳᠤ ᠤᠷᠢᠳᠤ ᠬᠤᠶᠢᠳᠤ ᠬᠤᠶᠠᠷ ᠤᠯᠤᠩ ᠲᠠᠢ ᠪᠠᠶᠢᠵᠦ᠂ ᠬᠤᠶᠢᠳᠤ ᠤᠯᠤᠩ ᠨᠢ ᠤᠷᠢᠳᠤ ᠤᠯᠤᠩ ᠠᠴᠠ ᠪᠠᠨ ᠳᠤᠬᠤᠢ ᠬᠢᠷᠢ ᠦᠨᠳᠦᠷ ᠪᠠᠶᠢᠳᠠᠭ᠃ ᠡᠮᠤᠨ᠎ᠠ ᠤᠯᠤᠩ ᠤᠨ ᠦᠨᠳᠦᠷ ᠨᠢ ᠪᠠᠷᠤᠭ ᠲᠦᠷᠪᠡᠨ ᠳᠤᠬᠤᠢ᠂ ᠡᠮᠡᠬᠡᠯ ᠤᠨ ᠪᠠᠷᠠᠭᠤᠨ ᠳᠠᠯ᠎ᠠ ᠶᠢᠨ ᠤᠷᠢᠳᠤ ᠪᠦᠬᠦᠷᠬᠡ ᠪᠠ ᠬᠠᠪᠳᠠᠭᠠᠯ ᠤᠨ ᠳᠡᠭᠡᠷᠡᠬᠢ ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠤᠯᠤᠩ ᠢ ᠤᠷᠢᠳᠤ ᠤᠯᠤᠩ ᠬᠡᠨ᠎ᠠ᠃ ᠡᠮᠡᠬᠡᠯ ᠤᠨ ᠪᠠᠷᠠᠭᠤᠨ ᠳᠠᠯ᠎ᠠ ᠶᠢᠨ ᠬᠤᠶᠢᠳᠤ ᠪᠦᠬᠦᠷᠬᠡ ᠪᠠ ᠬᠠᠪᠳᠠᠭᠠᠯ ᠤᠨ ᠳᠡᠭᠡᠷᠡᠬᠢ ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠤᠯᠤᠩ ᠢ ᠬᠤᠶᠢᠳᠤ ᠤᠯᠤᠩ ᠭᠡᠳᠡᠭ᠃ ᠤᠷᠢᠳᠤ ᠬᠤᠶᠢᠳᠤ ᠤᠯᠤᠩ ᠤᠨ ᠬᠤᠭᠤᠷᠤᠨᠳᠤᠬᠢ ᠵᠠᠢ ᠨᠢ ᠪᠠᠷᠤᠭ 22 ᠰᠠᠡᠲ᠋ᠢᠮᠧᠳ᠋ᠷ ᠢᠶᠠᠷ ᠤᠷᠤᠰᠢᠳᠠᠭ᠃ ᠮᠤᠷᠢ ᠪᠠᠷ ᠬᠤᠯᠠ ᠶᠠᠪᠤᠬᠤ᠂ ᠳᠤᠪᠳᠤᠯᠵᠤ ᠶᠠᠪᠤᠬᠤ ᠳᠤ ᠪᠠᠨ ᠠᠷᠤ ᠤᠯᠤᠩ ᠢ ᠭᠡᠵᠢᠶᠡᠳᠡ ᠠᠳᠤᠷᠢᠳᠠᠯ᠎ᠠ ᠳᠠᠳᠠᠳᠠᠭ᠃ ᠡᠰᠡ ᠳᠡᠶᠢᠮᠤ ᠪᠤᠯ ᠬᠡᠨᠡᠳᠳᠡ ᠪᠠᠷ ᠮᠤᠷᠢ ᠵᠢᠭᠰᠢᠨ ᠨᠠᠳᠬᠤᠵᠤ᠂ ᠬᠡᠯᠪᠡᠷᠢᠨ ᠦᠷᠬᠦᠪᠡᠯ ᠡᠮᠡᠬᠡᠯ ᠠᠮᠠᠷᠬᠠᠨ ᠬᠦᠷᠪᠡᠵᠤ ᠤᠶᠢᠴᠢᠬᠤ ᠠᠶᠤᠯ ᠲᠠᠢ ᠪᠠᠶᠢᠳᠠᠭ᠃ ᠬᠤᠶᠢᠳᠤ ᠤᠯᠤᠩ ᠢ ᠴᠢᠩᠭ᠎ᠠ ᠳᠠᠳᠠᠪᠠᠯ ᠮᠤᠷᠢᠨ ᠳᠤ ᠬᠦᠡᠭᠭᠡᠨ ᠮᠦᠷᠳᠡᠭᠡᠨ ᠮᠤᠷᠢᠨ ᠨᠢᠷᠤᠭᠤᠨ ᠳᠤ ᠰᠠᠶᠢᠨ ᠭᠡᠳᠡᠭ᠃ ᠡᠮᠤᠨ᠎ᠠ ᠤᠯᠤᠩ ᠢ ᠳᠡᠳᠤᠢ ᠠᠳᠤᠷᠢᠳᠠᠯ᠎ᠠ ᠳᠠᠳᠠᠳᠠᠭ ᠦᠭᠡᠢ᠃ ᠤᠯᠤᠩ ᠤᠨ ᠢᠶᠠᠨ ᠨᠠᠭᠠᠳᠠᠢ ᠦᠵᠦᠬᠦᠷ ᠲᠤ ᠬᠡᠯᠡ ᠲᠠᠢ ᠳᠡᠮᠤᠷ ᠭᠤᠷᠭᠢ ᠳᠠᠭᠠᠷᠠᠭᠤᠯᠵᠤ᠂ ᠵᠢᠷᠢᠮ ᠢ ᠰᠢᠷᠭᠤᠭᠤᠯᠤᠨ ᠳᠡᠭᠡᠭᠰᠢ ᠳᠠᠳᠠᠵᠤ᠂ ᠵᠢᠷᠢᠮ ᠤᠨ ᠨᠦᠬᠡ᠂ ᠰᠡᠭᠡᠭᠡ ᠳᠤ ᠬᠡᠯᠡ ᠶᠢ ᠨᠢ ᠤᠷᠤᠭᠤᠯᠤᠨ ᠳᠡᠪᠡᠭᠡᠯᠡᠨ᠎ᠠ᠃ ᠵᠢᠷᠢᠮ — — ᠡᠮᠡᠬᠡᠯ ᠤᠨ ᠪᠤᠷᠤᠭᠤᠳᠠᠢ ᠳᠠᠯ᠎ᠠ ᠶᠢᠨ ᠤᠯᠤᠩ ᠢ ᠮᠤᠷᠢᠨ ᠤ ᠪᠡᠶ᠎ᠠ ᠳᠤᠤᠭᠤᠷ ᠵᠦᠪᠳᠠᠢ ᠳᠠᠯ᠎ᠠ ᠳᠤ ᠳᠡᠳᠡᠨ ᠠᠪᠴᠢᠷᠠᠭᠠᠳ᠂ ᠭᠤᠷᠬᠢᠨ ᠳᠤ ᠨᠢ ᠰᠢᠷᠭᠤᠭᠤᠯᠵᠤ ᠳᠡᠳᠡᠨ ᠳᠡᠪᠡᠭᠡᠯᠡᠬᠦ᠂ ᠵᠦᠪᠳᠠᠢ ᠳᠠᠯ᠎ᠠ ᠶᠢᠨ ᠤᠭᠰᠤᠷᠭ᠎ᠠ ᠠᠴᠠ ᠬᠤᠯᠪᠤᠭᠰᠠᠨ ᠬᠦᠷᠦᠮᠡᠯ ᠰᠦᠮᠵᠢᠮᠡᠯ ᠰᠡᠭᠡᠭᠡ ᠨᠦᠬᠡ ᠲᠠᠢ ᠳᠡᠭᠡᠰᠤ ᠶᠢ ᠵᠢᠷᠢᠮ ᠬᠡᠨ᠎ᠠ᠃ ᠵᠢᠷᠢᠮ ᠢ ᠵᠦᠬᠡᠯᠡᠨ ᠰᠤᠷ ᠢ ᠨᠠᠷᠢᠨ ᠵᠦᠰᠦᠵᠦ᠂ 16 ᠪᠤᠶᠤ 32 ᠰᠡᠷᠭᠡᠭ ᠢᠶᠠᠷ ᠳᠣᠮᠳᠠ ᠨᠢ ᠨᠦᠬᠡ ᠰᠡᠭᠡᠭᠡ ᠭᠠᠷᠭᠠᠨ ᠬᠠᠪᠳᠠᠭᠠᠶᠢᠯᠠᠨ ᠳᠤᠤᠷᠯᠠᠵᠤ᠂ ᠰᠦᠯᠵᠢᠵᠦ ᠬᠦᠷᠦᠵᠦ ᠬᠢᠨ᠎ᠠ᠃ ᠪᠠᠰᠠ ᠬᠠᠪᠳᠠᠭᠠᠢ ᠰᠤᠷ ᠢ ᠨᠤᠭᠤᠯᠵᠤ᠂ ᠳᠤᠮᠳᠠᠭᠤᠷ ᠨᠢ ᠵᠢᠭᠳᠡ ᠵᠠᠢ ᠪᠠᠷ ᠬᠠᠭᠠᠯᠤᠨ ᠬᠠᠭᠠᠯᠤᠨ ᠰᠢᠷᠭᠤᠭᠤᠯᠵᠤ᠂ ᠨᠦᠬᠡ ᠭᠠᠷᠭᠠᠨ ᠬᠠᠪᠳᠠᠭᠠᠶᠢᠯᠠᠵᠤ ᠬᠢᠳᠡᠭ᠃ ᠬᠠᠮᠤᠭ ᠤᠨ ᠲᠦᠬᠦᠮ ᠨᠢ ᠬᠡᠪᠡᠯ ᠳᠠᠷᠤᠢ ᠬᠠᠪᠳᠠᠭᠠᠢ ᠰᠤᠷ ᠢᠶᠠᠨ ᠨᠦᠬᠡᠯᠡᠵᠦ ᠬᠢᠨ᠎ᠠ᠃ ᠵᠠᠷᠢᠮ ᠬᠦᠮᠦᠰ ᠬᠢᠯᠭᠠᠰᠤᠨ ᠤᠳᠠᠰᠤᠨ ᠤ ᠬᠠᠪᠳᠠᠭᠠᠢ ᠬᠦᠷᠦᠮᠡᠯ ᠢᠶᠠᠷ ᠴᠦ ᠬᠢᠳᠡᠭ᠃ ᠡᠮᠡᠭᠡᠯ ᠳᠤ ᠬᠤᠶᠠᠷ ᠵᠢᠷᠢᠮ ᠪᠠᠶᠢᠳᠠᠭ᠃ ᠡᠮᠡᠬᠡᠯ ᠤᠨ ᠵᠡᠬᠦᠨ ᠳᠠᠯ᠎ᠠ ︵ᠵᠦᠪᠳᠠᠢ ᠳᠠᠯ᠎ᠠ︶ ᠶᠢᠨ ᠤᠷᠢᠳᠤ ᠪᠦᠬᠦᠷᠬᠡ ᠪᠠ ᠬᠠᠪᠳᠠᠭᠠᠯ ᠳᠡᠭᠡᠷᠡᠬᠢ ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠳᠡᠭᠡᠰᠤ ᠶᠢ ᠤᠷᠢᠳᠤ ᠵᠢᠷᠢᠮ ᠭᠡᠵᠤ᠂ ᠡᠮᠡᠬᠡᠯ ᠤᠨ ᠵᠡᠬᠦᠨ ᠳᠠᠯ᠎ᠠ ᠶᠢᠨ ᠬᠤᠶᠢᠳᠤ ᠪᠦᠬᠦᠷᠬᠡ ᠪᠠ ᠬᠠᠪᠳᠠᠭᠠᠯ ᠳᠡᠭᠡᠷᠡᠬᠢ ᠵᠢᠰᠢᠬᠦᠦ ᠵᠡᠷᠭᠡᠴᠡᠭᠡ ᠤᠷᠤᠰᠢᠬᠤ ᠨᠦᠬᠡ ᠶᠢᠨ ᠤᠭᠰᠤᠷᠭ᠎ᠠ ᠠᠴᠠ ᠬᠤᠯᠪᠤᠭᠰᠠᠨ ᠳᠡᠭᠡᠰᠤ ᠶᠢ ᠬᠤᠶᠢᠳᠤ ᠵᠢᠷᠢᠮ ᠬᠡᠨ᠎ᠠ᠃ ᠤᠷᠢᠳᠤ ᠬᠤᠶᠢᠳᠤ ᠵᠢᠷᠢᠮ ᠤᠨ ᠬᠤᠭᠤᠷᠤᠨᠳᠤᠬᠢ ᠵᠠᠢ ᠨᠢ ᠤᠷᠢᠳᠤ ᠬᠤᠶᠢᠳᠤ ᠤᠯᠤᠩ ᠤᠨ ᠵᠠᠢ ᠲᠠᠢ ᠠᠳᠠᠯᠢᠬᠠᠨ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号