ᠮᠤᠩᠭᠤᠯ ᠡᠮᠡᠭᠳᠡᠢ ᠶᠢᠨ ᠵᠠᠰᠠᠯ ᠵᠢᠮᠰᠡᠭ
ᠨᠡᠶᠢᠲᠡᠯᠡᠭᠰᠡᠨ ᠴᠠᠭ᠄
2024/8/5
   ᠬᠤᠷᠴᠢᠨ ᠵᠡᠬᠦᠨ ᠭᠠᠷᠤᠨ ᠬᠤᠶᠢᠳᠤ ᠬᠤᠰᠢᠭᠤᠨ ᠤ ᠡᠮᠡᠭᠳᠡᠶᠢᠴᠣᠳ ᠬᠠᠪᠣᠷ ᠵᠣᠨ ᠤ ᠬᠠᠯᠠᠭᠤᠨ ᠤ ᠣᠯᠠᠷᠢᠯ ᠳᠤ ᠣᠯᠠᠭᠠᠨ᠂ ᠨᠣᠭᠤᠭᠠᠨ ᠬᠤᠷᠴᠠ ᠦᠩᠭᠡ ᠶᠢᠨ ᠲᠣᠷᠭ᠎ᠠ ᠲᠣᠷᠳᠣᠩ ᠠᠯᠴᠢᠭᠤᠷ ᠪᠣᠭᠤᠵᠣ᠂ ᠡᠪᠦᠯ ᠤᠨ ᠬᠦᠢᠳᠡᠨ ᠣᠯᠠᠷᠢᠯ ᠳᠤ ᠡᠷᠡᠭᠳᠡᠶᠢᠴᠣᠳ ᠤᠨ ᠦᠰᠦᠳᠡᠢ ᠮᠠᠯᠠᠭᠠᠢ ᠶᠢᠨ ᠲᠣᠬᠤ ᠰᠢᠭ᠋ ᠮᠠᠯᠠᠭᠠᠢ ᠶᠢ ᠡᠮᠦᠰᠳᠡᠭ᠃ ᠮᠠᠯᠠᠭᠠᠢ ᠶᠢᠨ  ᠢᠶᠠᠨ ᠠᠷᠣ ᠲᠠᠯ᠎ᠠ ᠳᠤ ᠨᠢ ᠣᠯᠠᠨ ᠦᠩᠭᠡ ᠶᠢᠨ ᠫᠢᠶᠣᠣᠳᠠᠢ ᠬᠠᠳᠠᠬᠤ ᠪᠦᠭᠡᠳ ᠣᠯᠠᠭᠠᠨ ᠨᠣᠭᠤᠭᠠᠨ ᠴᠠᠴᠤᠭ ᠢᠶᠠᠷ ᠴᠢᠮᠡᠵᠣ ᠡᠮᠦᠰᠳᠡᠭ᠃ ᠬᠠᠪᠣᠷ ᠨᠠᠮᠣᠷ ᠤᠨ ᠰᠡᠷᠢᠭᠦᠨ ᠤ ᠦᠶ᠎ᠡ ᠳᠤ ᠬᠦᠪᠦᠩ ᠲᠠᠢ ᠲᠡᠪᠡᠯ ᠡᠮᠦᠰᠴᠦ᠂ ᠵᠣᠨ ᠤ ᠣᠯᠠᠷᠢᠯ ᠳᠤ ᠲᠠᠩ ᠴᠠᠮᠴᠠ ᠡᠮᠦᠰᠴᠦ ᠪᠠᠶᠢᠵᠠᠢ᠃ ᠭᠡᠪᠡᠴᠦ ᠵᠣᠨ ᠨᠠᠮᠣᠷ ᠤᠨ ᠠᠯᠢ ᠨᠢᠭᠡᠨ ᠣᠯᠠᠷᠢᠯ ᠳᠤ ᠴᠦ ᠦᠮᠦᠳᠦ ᠬᠠᠨᠳᠠᠭᠠᠰᠣ ᠪᠠᠷ ᠶᠠᠪᠣᠳᠠᠭ ᠦᠭᠡᠢ᠂ ᠡᠷᠬᠡᠪᠡᠰᠢ ᠣᠷᠳᠣ ᠲᠡᠪᠡᠯ᠂ ᠣᠷᠳᠣ ᠴᠠᠮᠴᠠ ᠡᠮᠦᠰᠳᠡᠭ᠃ ᠬᠡᠭᠦ ᠳᠤ ᠪᠠᠨ ᠲᠣᠬᠠᠢ ᠶᠢᠨ ᠦᠶ᠎ᠡ  ᠶᠢᠨ ᠠᠮᠢᠳᠣᠷᠠᠯ ᠤᠨ ᠨᠦᠬᠦᠴᠡᠯ ᠠᠴᠠ ᠪᠣᠯᠵᠣ ᠬᠠᠷ᠎ᠠ ᠬᠦᠭᠡ᠂ ᠴᠡᠩᠭᠡᠷ ᠬᠦᠭᠡ ᠵᠡᠷᠭᠡ ᠦᠩᠭᠡ ᠶᠢᠨ ᠪᠦᠰᠣᠨ ᠴᠠᠮᠴᠠ᠂ ᠪᠦᠰᠦᠨ ᠣᠭᠴᠣᠷ ᠬᠢᠵᠣ ᠡᠮᠦᠰᠴᠦ ᠪᠠᠶᠢᠪᠠ᠃ ᠡᠮᠡᠭᠳᠡᠶᠢᠴᠣᠳ ᠵᠣᠨ ᠨᠠᠮᠣᠷ ᠤᠨ ᠲᠣᠯᠠᠭᠠᠨ ᠬᠠᠯᠠᠭᠤᠨ ᠤ ᠣᠯᠠᠷᠢᠯ ᠳᠤ ᠬᠡᠷ ᠵᠠᠭᠤᠷ᠎ᠠ ᠪᠠᠨ ᠬᠠᠷ᠎ᠠ᠂ ᠬᠦᠭᠡ ᠦᠩᠭᠡ ᠶᠢᠨ ᠪᠦᠰ ᠢᠶᠠᠷ ᠬᠢᠭᠰᠡᠨ ᠲᠠᠩ᠂ ᠲᠠᠪᠬᠤᠷ ᠦᠮᠦᠳᠦ ᠡᠮᠦᠰᠴᠦ᠂ ᠪᠠᠶᠠᠳ ᠨᠣᠶᠠᠳ ᠤᠨ ᠡᠬᠡᠨᠡᠷ ᠬᠡᠣᠬᠡᠳ ᠲᠣᠷᠭᠠᠨ ᠭᠠᠳᠠᠷ ᠲᠠᠢ ᠪᠦᠰ ᠲᠣᠳᠣᠷ ᠲᠠᠢ ᠵᠢᠶᠠ ᠦᠮᠦᠳᠦ ︵ᠲᠠᠪᠬᠤᠷ ᠦᠮᠦᠳᠦ︶ ᠡᠮᠦᠰᠳᠡᠭ᠃ ᠡᠪᠦᠯ ᠬᠠᠪᠣᠷ  ᠨᠢ ᠨᠢᠭᠤᠴᠠ ᠬᠠᠪᠠᠭᠠᠰᠣ ᠲᠠᠢ ᠬᠦᠪᠦᠩ ᠪᠣᠶᠣ ᠵᠠᠷᠢᠮ ᠳᠤ ᠪᠠᠨ ᠠᠷᠠᠰᠣᠨ ᠦᠮᠦᠳᠦ ᠴᠦ ᠡᠮᠦᠰᠳᠡᠭ ᠪᠠᠶᠢᠪᠠ᠃ ᠬᠠᠪᠣᠷ ᠨᠠᠮᠣᠷ ᠤᠨ ᠣᠯᠠᠷᠢᠯ ᠳᠤ ᠬᠤᠩᠰᠢᠶᠠᠷ ᠪᠣᠷᠪᠢᠨ ᠳᠤ ᠪᠠᠨ ᠣᠭᠠᠯᠵᠠ ᠲᠠᠢ ᠪᠦᠰ ᠭᠤᠳᠣᠯ ᠡᠮᠦᠰᠴᠦ᠂ ᠵᠣᠨ ᠦᠪᠡᠷ ᠢᠶᠠᠨ ᠬᠢᠭᠰᠡᠨ ᠪᠦᠰ ᠱᠠᠬᠠᠢ ᠡᠮᠦᠰᠦᠨ᠎ᠡ᠃ ᠡᠪᠣᠯ ᠳᠤ ᠪᠠᠰᠠ ᠭᠤᠳᠣᠯ ᠡᠮᠦᠰᠴᠦ ᠪᠠᠶᠢᠪᠠ᠃ ᠭᠤᠳᠣᠯ  ᠤᠨ ᠢᠶᠠᠨ ᠲᠦᠷᠡᠢ ᠲᠡᠭᠡᠷ᠎ᠡ ᠪᠠᠨ ᠨᠠᠪᠴᠢ ᠴᠡᠴᠡᠭ᠂ ᠭᠠᠷᠣᠳᠢ ᠭᠠᠯᠪᠢᠩᠭ᠎ᠠ᠂ ᠡᠭᠦᠯᠡᠨ ᠬᠤᠸᠠᠷ ᠵᠡᠷᠭᠡ ᠪᠠᠷ ᠣᠷᠠᠯᠠᠨ ᠬᠠᠳᠬᠤᠮᠠᠯᠯᠠᠳᠠᠭ᠃ ᠮᠣᠩᠭᠤᠯ ᠡᠮᠡᠭᠳᠡᠶᠢᠴᠣᠳ ᠤᠨ ᠬᠤᠪᠴᠠᠰᠣ ᠵᠠᠰᠠᠯ ᠳᠤ ᠬᠡᠣᠬᠡᠨ ᠬᠦᠮᠦᠨ ᠤ ᠬᠤᠪᠴᠠᠰᠣ ᠵᠠᠰᠠᠯ ᠪᠠ ᠡᠬᠡᠨᠡᠷ ᠬᠦᠮᠦᠨ ᠤ ᠬᠤᠪᠴᠠᠰᠣ ᠵᠠᠰᠠᠯ ᠨᠢ ᠦᠨᠳᠦᠰᠦᠨ ᠢᠯᠭᠠᠭ᠎ᠠ ᠲᠠᠢ ᠪᠠᠶᠢᠳᠠᠭ᠃ ᠮᠣᠩᠭᠤᠯ ᠬᠡᠣᠬᠡᠨᠴᠣᠳ ᠪᠠᠷᠤᠭ ᠠᠷᠪᠠᠨ ᠭᠤᠷᠪᠠᠨ ᠨᠠᠰᠣ ᠬᠦᠷᠳᠡᠯ᠎ᠡ ᠬᠦᠣᠴᠣᠣᠯ ᠲᠠᠢ ᠨᠢᠭᠡ ᠯᠠ ᠠᠳᠠᠯᠢ ᠦᠰᠦ ᠬᠡᠵᠢᠭᠡ ᠪᠠᠨ ᠲᠠᠯᠪᠢᠨ ᠬᠠᠶᠠ ᠣᠯᠠᠭᠠᠨ ᠨᠣᠭᠤᠭᠠᠨ ᠲᠣᠷᠭ᠎ᠠ ᠲᠣᠷᠳᠣᠩ ᠢᠶᠠᠷ ᠣᠶᠠᠵᠣ ᠶᠠᠪᠣᠳᠠᠭ ᠠᠴᠠ ᠪᠢᠰᠢ ᠲᠡᠳᠦᠢ ᠶᠡᠭᠡ ᠵᠠᠰᠠᠵᠣ ᠴᠢᠮᠡᠳᠡᠭ ᠦᠭᠡᠢ ᠪᠠᠶᠢᠪᠠ᠃ ᠮᠣᠩᠭᠤᠯ ᠦᠬᠢᠳ ᠴᠢᠬᠢ ᠪᠠᠨ ᠴᠣᠭᠤᠯᠣᠭᠤᠯᠬᠤ ᠦᠭᠡᠢ ᠪᠣᠯ ᠬᠤᠵᠢᠮ ᠦᠰᠴᠦ ᠪᠡᠶᠡᠯᠡᠭᠡᠳ ᠬᠠᠷᠢ ᠳᠤ ᠣᠴᠢᠭᠰᠠᠨ ᠤ ᠰᠡᠭᠦᠯᠡᠷ ᠡᠭᠡᠮᠦᠭ ᠰᠦᠢᠭᠡ ᠵᠡᠭᠦᠵᠣ᠂ ᠭᠤᠶᠣᠯᠠᠵᠣ ᠭᠠᠩᠭᠠᠯᠠᠵᠣ ᠴᠢᠳᠠᠬᠤ ᠦᠭᠡᠢ ᠪᠣᠯᠳᠠᠭ᠃ ᠲᠡᠭᠡᠭᠡᠳ ᠦᠬᠢᠨ ᠬᠦᠮᠦᠨ ᠢ ᠠᠷᠪᠠᠭᠠᠳ ᠨᠠᠰᠣᠯᠠᠮᠠᠭᠴᠠ ᠪᠠᠨ ᠴᠢᠬᠢ ᠶᠢ ᠨᠢ ᠵᠠᠪᠠᠯ ᠴᠣᠭᠤᠯᠵᠣ ᠦᠭᠳᠡᠭ᠃ ᠦᠬᠢᠨ ᠬᠦᠮᠦᠨ 14 — 15 ᠨᠠᠰᠣᠯᠠᠳᠠᠯ᠎ᠠ ᠣᠷᠳᠣ ᠬᠡᠵᠢᠭᠡ ᠪᠠᠨ ᠭᠠᠭᠴᠠ ᠭᠦᠷᠦᠵᠣ᠂ ᠬᠡᠵᠢᠭᠡᠨ ᠣᠭ ᠪᠣᠶᠣ ᠦᠵᠦᠭᠦᠷ ᠲᠤ  ᠨᠢ ᠣᠯᠠᠭᠠᠨ ᠨᠣᠭᠤᠭᠠᠨ ᠲᠣᠷᠭ᠎ᠠ ᠲᠣᠷᠳᠣᠩ ᠢᠶᠠᠷ ᠣᠷᠢᠶᠠᠵᠣ ᠱᠢᠷᠦ ᠰᠣᠪᠣᠳ ᠤᠨ ᠵᠦᠢᠯ ᠢ ᠣᠶᠠᠳᠠᠭ᠃ ᠦᠬᠢᠨ ᠬᠦᠮᠦᠨ ᠤ ᠬᠡᠵᠢᠭᠡ ᠪᠠᠨ ᠭᠠᠭᠴᠠ ᠭᠦᠷᠦᠳᠡᠭ ᠨᠢ ᠬᠤᠷᠢᠮᠯᠠᠬᠤ ᠠᠴᠠ ᠪᠠᠨ ᠡᠮᠦᠨ᠎ᠡ ᠪᠣᠯ ᠭᠠᠭᠴᠠ ᠪᠡᠶ᠎ᠡ ᠪᠠᠷ ᠢᠶᠠᠨ ᠭᠡᠰᠡᠨ ᠰᠠᠨᠠᠭ᠎ᠠ ᠶᠢ ᠢᠯᠡᠳᠭᠡᠵᠣ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号