ᠭᠤᠯᠢᠷ ᠤᠨ ᠵᠠᠷᠢᠮ ᠬᠡᠷᠡᠭᠴᠡᠭᠡᠨ ᠤ ᠲᠤᠬᠠᠢ ᠡᠩ ᠤᠨ ᠮᠡᠳᠡᠯᠭᠡ᠄ 1. ᠦᠵᠦᠮ ᠤᠬᠢᠶᠠᠬᠤ ᠳᠤ ᠤᠰᠤᠨ ᠳᠤ | ᠨᠢᠭᠡ ᠬᠠᠯᠪᠠᠭ᠎ᠠ ᠭᠤᠯᠢᠷ ᠬᠢᠭᠡᠳ ᠦᠵᠦᠮ ᠢᠶᠠᠨ ᠨᠠᠭᠠᠰᠢ ᠴᠠᠭᠠᠰᠢ ᠥᠩᠬᠦᠷᠢᠭᠦᠯᠦᠨ ᠬᠦᠩᠭᠡᠬᠡᠨ ᠤᠬᠢᠶᠠᠵᠤ᠂ ᠳᠠᠬᠢᠨ | ᠴᠡᠪᠡᠷ ᠤᠰᠤ ᠪᠠᠷ ᠵᠠᠶᠢᠯᠠᠪᠠᠯ ᠦᠵᠦᠮ ᠤᠨ ᠬᠠᠯᠢᠰᠤᠨ ᠳᠡᠭᠡᠷᠡᠬᠢ ᠪᠤᠵᠠᠷ ᠶᠠᠭᠤᠮ᠎ᠠ ᠠᠷᠢᠯᠴᠢᠬᠠᠨ᠎ᠠ᠃ 2. | ᠵᠢᠭᠠᠰᠤ ᠶᠢ ᠬᠠᠭᠠᠷᠢᠬᠤ ᠠᠴᠠ ᠡᠮᠦᠨ᠎ᠡ᠂ ᠪᠠᠭ᠎ᠠ ᠰᠠᠭ᠎ᠠ ᠴᠠᠭᠠᠨ ᠭᠤᠯᠢᠷ ᠰᠠᠴᠤᠴᠢᠬᠠᠭᠠᠳ ᠲᠤᠭᠤᠭᠠᠨ ᠳᠤ ᠬᠢᠪᠡᠯ | ᠲᠤᠰᠤ ᠦᠰᠦᠷᠬᠦ ᠦᠭᠡᠢ ᠪᠦᠭᠡᠳ ᠵᠢᠭᠠᠰᠤᠨ ᠤ ᠬᠠᠯᠢᠰᠤ ᠰᠠᠯᠵᠤ ᠪᠤᠲᠠᠷᠠᠬᠤ ᠦᠭᠡᠢ ᠪᠤᠯᠤᠨ᠎ᠠ᠃ 3. ᠬᠤᠭᠤᠯᠠ | ᠬᠢᠬᠦ ᠦᠶ᠎ᠡ ᠳᠤ ᠭᠠᠷ ᠳᠡᠭᠡᠷ᠎ᠡ ᠲᠤᠰᠤ ᠨᠠᠭᠠᠯᠳᠤᠭᠰᠠᠨ ᠪᠠᠶᠢᠪᠠᠯ᠂ ᠪᠠᠭ᠎ᠠ ᠰᠠᠭ᠎ᠠ ᠭᠤᠯᠢᠷ ᠭᠠᠷᠭᠠᠵᠤ᠂ ᠬᠤᠶᠠᠷ | ᠭᠠᠷ ᠢᠶᠠᠷ ᠢᠶᠠᠨ ᠴᠢᠮᠬᠢᠵᠤ ᠤᠰᠤᠨ ᠳᠤ ᠬᠢᠭᠡᠳ ᠭᠠᠷ ᠢᠶᠠᠨ ᠨᠤᠬᠤᠯᠠᠨ ᠤᠭᠢᠶᠠᠪᠠᠯ᠂ ᠭᠠᠷ ᠲᠤ ᠨᠠᠭᠠᠯᠳᠤᠭᠰᠠᠨ | ᠲᠤᠰᠤ ᠠᠷᠢᠯᠠᠵᠤ᠂ ᠦᠨᠦᠷ ᠨᠢ ᠴᠦ ᠠᠷᠢᠯᠴᠢᠬᠠᠨ᠎ᠠ᠃ 4. ᠲᠤᠰᠤ ᠲᠠᠢ ᠲᠤᠭᠤᠭ᠎ᠠ᠂ ᠲᠦᠮᠫᠡᠨ ᠵᠡᠷᠭᠡ ᠭᠠᠯ | ᠲᠤᠭᠤᠭᠠᠨ ᠤ ᠰᠠᠪᠠ ᠬᠡᠷᠡᠭᠰᠡᠯ ᠢ ᠤᠬᠢᠶᠠᠬᠤ ᠳᠤ ᠪᠠᠨ ᠤᠰᠤᠨ ᠳᠤᠲᠤᠷ᠎ᠠ ᠪᠠᠭ᠎ᠠ ᠬᠡᠮᠵᠢᠶᠡᠨ ᠤ ᠭᠤᠯᠢᠷ ᠬᠢᠪᠡᠯ | ᠲᠤᠰᠤ ᠨᠢ ᠠᠮᠠᠷᠬᠠᠨ ᠠᠷᠢᠯᠤᠨ᠎ᠠ᠃ 5. ᠬᠠᠷ᠎ᠠ ᠳᠠᠯᠳᠠᠤ ᠶᠢ ᠤᠬᠢᠶᠠᠬᠤ ᠤᠰᠤᠨ ᠳᠤ ᠨᠢᠭᠡ ᠬᠠᠯᠪᠠᠭ᠎ᠠ ᠭᠤᠯᠢᠷ | ᠬᠢᠭᠡᠳ ᠬᠤᠳᠬᠤᠭᠰᠠᠨ ᠤ ᠳᠠᠷᠠᠭ᠎ᠠ ᠠᠷᠪᠠᠨ ᠮᠢᠨᠦ᠋ᠲ ᠳᠡᠪᠲᠦᠭᠡᠵᠦ᠂ ᠳᠠᠬᠢᠨ ᠤᠬᠢᠶᠠᠪᠠᠯ ᠭᠤᠯᠢᠷ ᠨᠢ ᠨᠠᠭᠠᠯᠳᠤᠩᠬᠠᠢ | ᠴᠢᠨᠠᠷ ᠲᠠᠢ ᠪᠤᠯᠬᠤᠷ ᠳᠠᠯᠳᠠᠤ ᠶᠢᠨ ᠡᠯᠡᠰᠦ ᠰᠢᠷᠤᠢ ᠶᠢ ᠰᠠᠶᠢᠨ ᠠᠷᠢᠯᠭᠠᠳᠠᠭ᠃ ᠳᠠᠬᠢᠨ ᠰᠢᠨ᠎ᠡ ᠤᠰᠤ ᠪᠠᠷ ᠵᠠᠶᠢᠯᠠᠪᠠᠯ | ᠤᠯᠠᠮ ᠴᠡᠪᠡᠷᠬᠡᠨ ᠪᠤᠯᠤᠨ᠎ᠠ᠃ |