ᠪᠤᠭ ᠮᠠᠯ ᠢ ᠬᠠᠰᠢᠶᠠᠯᠠᠨ ᠲᠡᠵᠢᠬᠡᠬᠦ ᠰᠠᠶᠢᠨ ᠠᠷᠭ᠎ᠠ ᠮᠠᠯ ᠢ ᠬᠠᠰᠢᠶᠠᠯᠠᠨ ᠲᠡᠵᠢᠬᠡᠬᠦ ᠦᠶ᠎ᠡ ᠳᠤ ᠵᠠᠪᠠᠯ ᠠᠩᠬᠠᠷᠬᠤ | ᠬᠡᠳᠦᠨ ᠵᠦᠢᠯ ᠭᠡᠪᠠᠯ᠄ 1. ᠬᠠᠰᠢᠶ᠎ᠠ ᠬᠦᠷᠢᠶᠡᠨ ᠤ ᠶᠡᠭᠡ ᠪᠠᠭ᠎ᠠ ᠶᠢ ᠮᠠᠯ ᠪᠦᠷᠢ ᠶᠢᠨ ᠡᠵᠡᠯᠡᠬᠦ ᠲᠡᠯᠡᠪᠡᠢ ᠨᠢ 0.8 | — 1 ᠲᠡᠭᠰᠢ ᠲᠦᠷᠪᠡᠯᠵᠢᠨ ᠮᠧᠳ᠋ᠷ ᠤᠨ ᠪᠠᠷᠢᠮᠵᠢᠶ᠎ᠡ ᠪᠠᠷ ᠪᠡᠯᠡᠳᠬᠡᠵᠦ ᠪᠡᠷᠢᠨ ᠡᠬᠦᠨ ᠠᠴᠠ ᠠᠭᠤᠵᠢᠭᠤ ᠪᠤᠯ ᠨᠠᠩ | ᠰᠠᠶᠢᠨ᠃ ᠮᠠᠯ ᠲᠡᠵᠢᠬᠡᠬᠦ ᠪᠡ ᠬᠤᠨᠤᠬᠤ ᠬᠠᠰᠢᠶ᠎ᠠ ᠶᠢ ᠠᠰ ᠠᠰ ᠲᠤᠨᠢ ᠪᠠᠯᠡᠳᠬᠡᠪᠡᠯ ᠰᠠᠶᠢᠨ ᠪᠠᠶᠢᠳᠠᠭ᠃ 2. ᠮᠠᠯ | ᠲᠡᠵᠢᠬᠡᠬᠦ ᠬᠠᠰᠢᠶᠠᠨ ᠳᠠᠭᠠᠨ ᠡᠪᠡᠰᠦ ᠲᠡᠵᠢᠬᠡᠬᠦ ᠤᠩᠭᠤᠴᠠ᠂ ᠤᠰᠤᠨ ᠤᠩᠭᠤᠴᠠ᠂ ᠪᠤᠷᠳᠤᠭᠠᠨ ᠤ ᠤᠩᠭᠤᠴᠠ ᠶᠢ | ᠲᠤᠰ ᠲᠤᠰ ᠲᠤᠨᠢ ᠪᠡᠯᠡᠳᠬᠡᠵᠦ ᠲᠡᠯᠪᠢᠪᠡᠯ ᠡᠪᠡᠰᠦ ᠪᠤᠷᠳᠤᠭ᠎ᠠ ᠳᠤ ᠭᠠᠮᠳᠠᠢ ᠮᠦᠷᠳᠡᠬᠡᠨ ᠴᠡᠪᠡᠷᠬᠡᠨ ᠲᠤᠬᠢᠯᠢᠭ | ᠲᠡᠵᠢᠬᠡᠵᠦ ᠴᠢᠳᠠᠳᠠᠭ᠃ 3. ᠮᠠᠯ ᠲᠡᠵᠢᠬᠡᠬᠦ ᠬᠠᠰᠢᠶ᠎ᠠ ᠨᠢ ᠵᠠᠪᠠᠯ ᠰᠠᠷᠠᠪᠴᠢ ᠲᠠᠢ ᠪᠠᠶᠢᠪᠠᠯ ᠬᠦᠢᠳᠡᠨ ᠨᠦᠢᠳᠡᠨ ᠴᠠᠰᠦ | ᠪᠤᠷᠤᠭᠠᠨ ᠲᠠᠢ ᠦᠶ᠎ᠡ ᠳᠤ ᠡᠪᠡᠰᠦ ᠲᠠᠵᠢᠬᠡᠯ ᠢᠶᠠᠨ ᠰᠦᠢᠳᠬᠡᠬᠦ ᠦᠬᠡᠢ ᠪᠠᠶᠢᠳᠠᠭ᠃ 4. ᠮᠠᠯ ᠬᠤᠨᠤᠬᠤ ᠬᠠᠰᠢᠶ᠎ᠠ ᠶᠢ | ᠵᠠᠳᠠᠭᠠᠢ ᠰᠠᠷᠠᠪᠴᠢ ᠦᠬᠡᠢ ᠪᠠᠷᠢᠬᠰᠠᠨ ᠴᠦ ᠪᠤᠯᠳᠠᠭ᠃ ᠨᠦᠬᠦᠴᠡᠯ ᠲᠠᠢ ᠪᠤᠯ ᠰᠠᠷᠠᠪᠴᠢ ᠲᠤᠬᠢᠷᠠᠭᠤᠯᠵᠦ ᠪᠤᠯᠤᠨ᠎ᠠ᠃ | ᠶᠡᠷᠦᠳᠡᠬᠡᠨ ᠵᠠᠳᠠᠭᠠᠢ ᠬᠠᠰᠢᠶᠠᠨ ᠳᠤ ᠮᠠᠯ ᠬᠤᠨᠤᠬᠤ ᠳᠠᠭᠠᠨ ᠰᠢᠬᠠᠯᠳᠤᠵᠦ ᠪᠦᠬᠡᠮᠨᠡᠷᠡᠯᠳᠦᠬᠦ ᠦᠬᠡᠢ ᠰᠠᠶᠢᠨ ᠪᠠᠶᠢᠳᠠᠭ᠃ | 5. ᠬᠠᠰᠢᠶ᠎ᠠ ᠰᠠᠷᠠᠪᠴᠢ ᠪᠠᠨ ᠦᠷᠭᠦᠯᠵᠢ ᠠᠷᠢᠭᠤᠨ ᠴᠡᠪᠡᠷ ᠪᠠᠶᠢᠯᠭᠠᠵᠦ ᠮᠠᠯ ᠤᠨ ᠡᠷᠡᠬᠦᠯ ᠮᠡᠨᠳᠦ ᠶᠢ ᠪᠠᠳᠤᠯᠠᠬᠤ | ᠬᠡᠷᠡᠭᠳᠡᠢ᠃ 6. ᠮᠠᠯ ᠤᠨ ᠪᠦᠬᠡᠰᠦ ᠪᠠ ᠬᠠᠯᠠᠭᠤ ᠶᠢ ᠲᠠᠷᠤᠬᠤ ᠡᠮ ᠢ ᠪᠦᠷᠢᠨ ᠪᠠᠯᠡᠳᠬᠡᠬᠦ ᠬᠡᠷᠡᠭᠳᠡᠢ᠃ ᠶᠡᠷᠦ ᠶᠢᠨ | ᠪᠡᠯᠡᠳᠬᠡᠬᠦ ᠡᠮ ᠳᠤ ᠴᠢᠤᠢ ᠴᠦᠡᠭ ᠸᠠᠩ᠂ ᠴᠢᠩ ᠹᠦ᠋ ᠱᠠᠨ᠂ ᠰᠢᠶᠤᠤ ᠬᠤᠸᠡᠩ ᠰᠡᠨ᠂ ᠵᠢᠶᠡᠨ ᠸᠧᠢ ᠰᠡᠨ᠃ | ᠪᠦᠬᠡᠰᠦᠨ ᠤ ᠡᠮ ᠳᠤ᠂ ᠢ ᠸᠧᠢ ᠵᠢᠶᠦ᠋ᠨ ᠰᠥ᠂ ᠾᠸᠢ ᠮᠸᠢ ᠰᠥ ᠪᠠᠶᠢᠳᠠᠭ᠃ ᠲᠡᠵᠢᠬᠡᠵᠦ ᠪᠠᠶᠢᠭ᠎ᠠ ᠮᠠᠯ ᠳᠠᠭᠠᠨ | ᠴᠠᠭᠠᠨ ᠰᠢᠬᠢᠷ ᠲᠠᠢ ᠤᠰᠤ ᠪᠤᠶᠤ ᠮᠠᠷᠭᠠᠨᠵᠠᠪ ᠲᠠᠢ ᠤᠰᠤ ᠪᠠᠷ ᠦᠷᠬᠦᠯᠵᠢ ᠤᠰᠤᠯᠠᠪᠠᠯ ᠮᠠᠯ ᠤᠨ ᠬᠦᠴᠦ ᠲᠠᠷᠭᠤ | ᠠᠪᠬᠤ ᠨᠢ ᠲᠦᠷᠭᠡᠰᠴᠤ ᠪᠠᠷᠤᠬᠳᠠᠢ ᠳᠤ ᠡᠪᠡᠳᠴᠢᠨ ᠬᠠᠯᠳᠠᠬᠤ ᠦᠬᠡᠢ ᠪᠠᠶᠢᠳᠠᠭ᠃ |