ᠨᠢᠭᠡ᠂ ᠲᠤᠰᠢᠶᠠᠬᠤ ᠮᠠᠲ᠋ᠧᠷᠢᠶᠠᠯ᠄ 1. ︽ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠤᠨ ᠭᠤᠶᠤᠴᠢᠯᠠᠯ ᠤᠨ | ᠬᠦᠰᠦᠨᠦᠭᠲᠦ︾ ᠶᠢ ᠲᠠᠭᠯᠠᠨ᠎ᠠ︔ 2. ︽ᠮᠠᠰᠢᠨ ᠲᠡᠷᠬᠡᠨ ᠤ ᠵᠢᠯᠤᠭᠤᠴᠢ ᠶᠢᠨ ᠪᠡᠶ᠎ᠡ ᠮᠠᠬᠠᠪᠤᠳ ᠤᠨ ᠨᠦᠬᠦᠴᠡᠯ ᠤᠨ | ᠬᠡᠷᠡᠴᠢ︾ ᠶᠢ ᠲᠤᠰᠢᠶᠠᠨ᠎ᠠ︔ 3. ᠪᠡᠶ᠎ᠡ ᠶᠢᠨ ᠤᠭ ᠬᠡᠷᠡᠴᠢ ᠶᠢᠨ ᠦᠨᠡᠮᠯᠡᠯ ᠬᠢᠭᠡᠳ ᠬᠠᠭᠤᠯᠪᠤᠷᠢ ᠶᠢ ᠲᠤᠰᠢᠶᠠᠨ᠎ᠠ︔ | 4. ᠬᠢᠯᠢ ᠶᠢᠨ ᠭᠠᠳᠠᠨᠠᠬᠢ ᠵᠢᠯᠤᠭᠤᠴᠢ ᠶᠢᠨ ᠦᠨᠡᠮᠯᠡᠯ ᠤᠨ ᠡᠬᠡ ᠦᠨᠡᠮᠯᠡᠯ᠂ ᠬᠠᠭᠤᠯᠪᠤᠷᠢ ᠬᠢᠭᠡᠳ | ᠤᠷᠴᠢᠭᠤᠯᠭ᠎ᠠ ᠶᠢᠨ ᠲᠤᠪᠬᠢᠮᠠᠯ ᠢ ᠲᠤᠰᠢᠶᠠᠨ᠎ᠠ︔ 5. ᠤᠶᠢᠷ᠎ᠠ ᠶᠢᠨ ᠬᠤᠭᠤᠴᠠᠭᠠᠨ ᠤ ᠴᠠᠭᠠᠨ ᠳᠡᠪᠢᠰᠭᠡᠷ ᠲᠠᠢ ᠨᠢᠭᠡ | ᠢᠮᠠᠬᠤ ᠶᠢᠨ ᠮᠠᠯᠠᠭᠠᠢ ᠦᠭᠡᠢ ᠭᠡᠷᠡᠯ ᠵᠢᠷᠤᠭ 4 ᠶᠢ ᠲᠤᠰᠢᠶᠠᠨ᠎ᠠ︔ ᠬᠤᠶᠠᠷ᠂ ᠤᠨᠴᠠᠭᠠᠶᠢᠯᠠᠨ ᠰᠠᠨᠠᠭᠤᠯᠬᠤ ᠨᠢ᠄ 1. | ᠬᠢᠯᠢ ᠶᠢᠨ ᠭᠠᠳᠠᠨᠠᠬᠢ ᠵᠢᠯᠤᠭᠤᠴᠢ ᠶᠢᠨ ᠦᠨᠡᠮᠯᠡᠯ ᠢᠶᠠᠷ ᠳᠤᠮᠳᠠᠲᠤ ᠤᠯᠤᠰ ᠤᠨ ᠮᠠᠰᠢᠨ ᠲᠡᠷᠬᠡᠨ ᠤ ᠵᠢᠯᠤᠭᠤᠴᠢ ᠶᠢᠨ | ᠦᠨᠡᠮᠯᠡᠯ ᠢ ᠭᠤᠶᠤᠴᠢᠯᠠᠪᠠᠯ᠂ ᠰᠢᠯᠭᠠᠭᠤᠷᠢ ᠶᠢᠨ ᠨᠢᠭᠡ ᠶᠢ ᠰᠢᠯᠭᠠᠭᠤᠯᠤᠨ᠎ᠠ︔ 2.A1᠂ A2᠂ B1᠂ B2 | ᠳᠡᠰᠯᠡᠬᠦ ᠬᠡᠯᠪᠡᠷᠢ ᠶᠢᠨ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ ᠭᠤᠶᠤᠴᠢᠯᠠᠪᠠᠯ᠂ ᠰᠢᠯᠭᠠᠭᠤᠷᠢ ᠶᠢᠨ ᠨᠢᠭᠡ | ᠪᠠ ᠭᠤᠷᠪᠠ ᠶᠢ ᠰᠢᠯᠭᠠᠭᠤᠯᠤᠨ᠎ᠠ︔ 3. ᠮᠠᠨ ᠤ ᠤᠯᠤᠰ ᠯᠤᠭ᠎ᠠ ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ | ᠬᠠᠷᠢᠯᠴᠠᠨ ᠦᠨᠡᠮᠰᠢᠬᠦ ᠵᠦᠪᠯᠡᠯᠴᠡᠭᠡᠷ ᠲᠤᠭᠲᠠᠭᠠᠭᠰᠠᠨ ᠪᠤᠯ᠂ ᠵᠦᠪᠯᠡᠯᠴᠡᠭᠡᠷ ᠶᠤᠰᠤᠭᠠᠷ ᠬᠦᠢᠴᠡᠳᠭᠡᠨ᠎ᠡ︔ 4. | ᠡᠯᠴᠢᠨ ᠰᠠᠶᠢᠳ ᠤᠨ ᠶᠠᠮᠤᠨ᠂ ᠺᠤᠨᠰᠦ᠋ᠯ ᠬᠢᠭᠡᠳ ᠤᠯᠠᠨ ᠤᠯᠤᠰ ᠤᠨ ᠵᠤᠬᠢᠶᠠᠨ ᠪᠠᠶᠢᠭᠤᠯᠤᠯᠲᠠ ᠶᠢᠨ ᠳᠤᠮᠳᠠᠲᠤ ᠳᠤ | ᠰᠠᠭᠤᠭ᠎ᠠ ᠪᠠᠶᠢᠭᠤᠯᠤᠮᠵᠢ ᠶᠢᠨ ᠠᠵᠢᠯᠲᠠᠨ ᠳᠤ᠂ ᠭᠠᠳᠠᠭᠠᠲᠤ ᠬᠠᠷᠢᠯᠴᠠᠭᠠᠨ ᠤ ᠡᠷᠬᠡ ᠲᠡᠭᠰᠢ ᠵᠠᠷᠴᠢᠮ ᠶᠤᠰᠤᠭᠠᠷ | ᠮᠠᠰᠢᠨ ᠲᠡᠷᠭᠡᠨ ᠤ ᠵᠢᠯᠤᠭᠤᠴᠢ ᠶᠢᠨ ᠦᠨᠡᠮᠯᠡᠯ ᠢ ᠬᠢᠨᠠᠨ ᠤᠯᠭᠤᠨ᠎ᠠ︔ 5. ᠬᠢᠯᠢ ᠶᠢᠨ ᠭᠠᠳᠠᠨᠠᠬᠢ ᠮᠠᠰᠢᠨ ᠲᠡᠷᠭᠡᠨ ᠤ | ᠵᠢᠯᠤᠭᠤᠴᠢ ᠶᠢᠨ ᠦᠨᠡᠮᠯᠡᠯ ᠨᠢ ᠬᠢᠲᠡᠳ ᠬᠡᠯᠡ ᠪᠠᠷ ᠢᠯᠡᠳᠭᠡᠭᠰᠡᠨ ᠦᠭᠡᠢ ᠪᠠᠶᠢᠪᠠᠯ᠂ ᠬᠢᠲᠡᠳ ᠬᠡᠯᠡᠨ ᠤ | ᠤᠷᠴᠢᠭᠤᠯᠭ᠎ᠠ ᠶᠢᠨ ᠲᠤᠪᠬᠢᠮᠠᠯ ᠢ ᠭᠠᠷᠭᠠᠵᠦ ᠦᠭᠬᠦᠨ᠎ᠡ᠃ ᠭᠤᠷᠪᠠ᠂ ᠬᠦᠢᠴᠡᠳᠭᠡᠬᠦ ᠴᠤᠪᠤᠷᠠᠯ᠄ ᠭᠠᠷᠳᠠᠮ ᠢᠶᠠᠨ | ᠪᠦᠷᠢᠳᠤᠭᠦᠯᠦᠭᠡᠳ ᠠᠰᠠᠭᠤᠵᠤ ᠯᠠᠪᠯᠠᠬᠤ ᠲᠠᠪᠴᠠᠩ ᠠᠴᠠ ᠳ᠋ᠤᠭᠠᠷ ᠠᠪᠤᠨ᠎ᠠ᠃ ᠬᠦᠯᠢᠶᠡᠬᠦ ᠲᠤᠭᠤᠷᠢᠭ ᠲᠤ ᠬᠦᠯᠢᠶᠡᠵᠦ | ᠳ᠋ᠤᠭᠠᠷ ᠢ ᠳᠠᠭᠤᠳᠠᠪᠠᠯ ᠤᠴᠢᠵᠦ ᠲᠤᠬᠠᠶᠢᠯᠠᠭᠰᠠᠨ ᠠᠵᠢᠯ ᠢ ᠭᠦᠢᠴᠡᠳᠭᠡᠨ᠎ᠠ᠃ ᠬᠦᠯᠢᠶᠡᠨ ᠠᠪᠴᠤ ᠬᠦᠢᠴᠡᠳᠭᠡᠬᠦ | ᠴᠤᠩᠬᠤ ᠨᠢ 1 — 5 ᠳ᠋ᠤᠭᠠᠷ ᠴᠤᠩᠬᠤ᠂ 6 ᠳ᠋ᠤᠭᠠᠷ ᠴᠤᠩᠬᠤ ᠳᠤ ᠰᠦᠢᠳᠭᠡᠯ ᠲᠤᠰᠢᠶᠠᠨ᠎ᠠ᠃ 8 ᠳ᠋ᠤᠭᠠᠷ | ᠴᠤᠩᠬᠤ ᠠᠴᠠ ᠵᠢᠯᠤᠭᠤᠴᠢ ᠶᠢᠨ ᠦᠨᠡᠮᠯᠡᠯ ᠢᠶᠠᠨ ᠠᠪᠤᠨ᠎ᠠ᠃ |