1. ᠳᠤᠷᠠᠲᠠᠢ ᠵᠦᠢᠯ ᠠᠴᠠ ᠪᠠᠨ ᠭᠠᠷᠳᠠᠨ᠎ᠠ᠃ ᠪᠡᠶ᠎ᠡ ᠪᠠᠨ ᠪᠠᠷᠢᠬᠤ ᠰᠠᠶᠢᠨ ᠳᠠᠳᠬᠠᠯ ᠲᠠᠢ ᠪᠣᠯᠣᠶ᠎ᠠ ᠭᠡᠪᠡᠯ᠂ | ᠥᠪᠡᠷ ᠤᠨ ᠳᠤᠷᠠᠲᠠᠢ ᠵᠦᠢᠯ ᠠᠴᠠ ᠪᠠᠨ ᠭᠠᠷᠳᠠᠵᠤ ᠬᠢᠬᠦ ᠬᠡᠷᠡᠭᠲᠡᠢ᠃ ᠨᠣᠮ ᠳᠤ ᠳᠤᠷᠠᠲᠠᠢ ᠬᠥᠮᠥᠨ ᠡᠷᠲᠡ | ᠪᠣᠰᠣᠭᠠᠳ ᠥᠷᠯᠥᠭᠡ ᠨᠢᠭᠡ ᠴᠠᠭ ᠨᠣᠮ ᠤᠩᠰᠢᠬᠤ ᠨᠢ ᠡᠩ ᠤᠨ ᠯᠠ ᠶᠠᠪᠤᠳᠠᠯ︔ ᠲᠠᠮᠢᠷ ᠰᠫᠣᠷᠲ ᠳᠤ ᠳᠤᠷᠠᠲᠠᠢ | ᠬᠥᠮᠥᠨ ᠬᠦᠶᠦᠵᠦ ᠪᠠᠶᠢᠭᠠᠳ ᠬᠥᠯᠥᠰᠦ ᠠᠰᠬᠠᠷᠠᠭᠤᠯᠬᠤ ᠳᠤ ᠥᠪᠡᠷ ᠲᠤᠨᠢ ᠵᠢᠷᠭᠠᠯ ᠲᠠᠢ ᠮᠡᠳᠡᠷᠡᠮᠵᠢ ᠥᠭᠭᠦᠨ᠎ᠡ᠃ | ᠡᠶᠢᠮᠦ ᠠᠴᠠ ᠪᠡᠶ᠎ᠡ ᠳᠡᠭᠡᠨ ᠲᠣᠬᠢᠷᠠᠬᠤ ᠦᠭᠡᠢ ᠵᠦᠢᠯ ᠢ ᠠᠯᠪᠠ ᠪᠠᠷ ᠬᠢᠬᠦ ᠶᠢᠨ ᠣᠷᠣᠨ ᠳᠤ ᠬᠠᠷᠢᠨ ᠳᠤᠷᠠᠲᠠᠢ | ᠵᠦᠢᠯ ᠢᠶᠠᠨ ᠣᠯᠵᠤ ᠠᠪᠤᠭᠠᠳ᠂ ᠪᠠᠷᠢᠮᠲᠠᠯᠠᠵᠤ ᠶᠠᠪᠤᠬᠤ ᠨᠢ ᠴᠢᠬᠤᠯᠠ᠃ 2. ᠨᠠᠷᠢᠨ ᠨᠢᠮᠪᠠᠢ ᠬᠠᠷᠠᠯᠲᠠ ᠲᠠᠢ | ᠪᠠᠶᠢᠬᠤ᠃ ᠡᠷᠲᠡ ᠤᠨᠲᠠᠵᠤ ᠡᠷᠲᠡ ᠪᠤᠰᠬᠤ ᠪᠠᠷ ᠵᠣᠷᠢᠭ ᠰᠢᠭᠤᠳᠣᠬᠰᠠᠨ ᠪᠠᠶᠢᠳᠠᠯ᠎ᠠ ᠪᠠᠨ ᠤᠲᠠᠰᠤ ᠪᠠᠨ ᠪᠠᠷᠢᠭᠰᠠᠭᠠᠷ | ᠪᠠᠶᠢᠭᠠᠳ ᠰᠥᠨᠢ ᠶᠢᠨ ᠬᠤᠶᠠᠷ ᠴᠠᠭ ᠪᠣᠯᠭᠠᠴᠢᠬᠠᠨ᠎ᠠ︔ ᠬᠡᠳᠦᠨ ᠨᠣᠮ ᠤᠩᠰᠢᠬᠤ ᠰᠠᠨᠠᠭᠠᠳᠠᠢ ᠪᠠᠶᠢᠭᠰᠠᠨ ᠴᠦ ᠺᠢᠨᠣ᠋ | ᠵᠦᠴᠦᠭᠡ ᠬᠥᠭᠡᠭᠡᠭᠡᠳ ᠶᠠᠪᠤᠴᠢᠬᠠᠨ᠎ᠠ ᠁ ᠲᠡᠭᠦᠨ ᠤ ᠤᠴᠢᠷ ᠨᠢ ᠲᠠ ᠠᠮᠢᠳᠤᠷᠠᠯ ᠳᠠᠭᠠᠨ ᠪᠤᠳᠠᠳᠠᠢ ᠪᠠᠷ ᠨᠠᠷᠢᠨ | ᠬᠠᠷᠠᠯᠲᠠ ᠲᠣᠭᠲᠠᠭᠠᠭ᠎ᠠ ᠦᠭᠡᠢ ᠳᠤ ᠪᠠᠶᠢᠨ᠎ᠠ᠃ ᠶᠡᠭᠡ ᠶᠢ ᠬᠢᠬᠦ ᠳᠤ ᠴᠦ ᠠᠳᠠᠯᠢᠬᠠᠨ ᠪᠠᠭ᠎ᠠ ᠬᠠᠷᠠᠯᠲᠠ ᠪᠠᠨ ᠨᠠᠷᠢᠨ | ᠪᠣᠳᠠᠲᠠᠢ ᠲᠣᠭᠲᠠᠭᠠᠨ ᠬᠡᠷᠡᠭᠵᠢᠭᠦᠯᠵᠦ ᠴᠢᠳᠠᠪᠠᠯ᠂ ᠶᠠᠪᠤᠭᠠᠨ ᠳᠠᠭᠠᠨ ᠳᠦᠷᠢᠮᠵᠢᠬᠦ ᠪᠣᠯᠣᠨ᠎ᠠ᠃ 3. ᠪᠣᠯᠣᠮᠵᠢ ᠦᠭᠡᠢ | ᠬᠠᠷᠠᠯᠲᠠ ᠠᠴᠠ ᠲᠠᠲᠠᠭᠠᠯᠵᠠᠬᠤ᠃ ᠠᠮᠢᠳᠤᠷᠠᠯ ᠳᠤᠮᠳᠠ᠂ ᠣᠯᠠᠨ ᠬᠥᠮᠥᠰ ᠤᠴᠢᠷ ᠶᠠᠪᠤᠳᠠᠯ ᠳᠤ ᠪᠠᠷᠰ ᠤᠨ | ᠲᠣᠯᠣᠭᠠᠢ ᠪᠠᠷ ᠡᠬᠢᠯᠡᠭᠡᠳ᠂ ᠮᠣᠭᠠᠢ ᠶᠢᠨ ᠰᠡᠬᠦᠯ ᠢᠶᠠᠷ ᠳᠠᠭᠤᠰᠬᠠᠳᠠᠭ᠃ ᠡᠨᠡ ᠨᠢ ᠪᠡᠶ᠎ᠡ ᠳᠡᠭᠡᠨ ᠬᠡᠲᠦᠷᠬᠡᠢ ᠦᠨᠳᠦᠷ | ᠪᠠᠷᠢᠮᠵᠢᠶ᠎ᠠ ᠲᠠᠯᠪᠢᠭᠰᠠᠨ ᠠᠴᠠ ᠪᠣᠯᠤᠭᠰᠠᠨ ᠪᠠᠶᠢᠵᠤ ᠮᠡᠳᠡᠨ᠎ᠡ᠃ ᠵᠠᠷᠢᠮ ᠬᠥᠮᠥᠨ ᠰᠠᠷ᠎ᠠ ᠳᠤ 20 ᠵᠢᠩ ᠰᠢᠭᠤᠷᠠᠬᠤ | ᠱᠠᠭᠠᠷᠳᠠᠯᠭ᠎ᠠ ᠪᠡᠶᠡᠨ ᠳᠡᠭᠡᠨ ᠲᠠᠯᠪᠢᠳᠠᠭ ᠴᠦ ᠡᠨᠡ ᠬᠡᠴᠡᠭᠦᠦ ᠬᠠᠷᠠᠯᠲᠠ ᠶᠢ ᠪᠡᠶᠡᠯᠡᠭᠦᠯᠬᠦ ᠠᠴᠠ ᠤᠷᠬᠢᠬᠤ ᠳᠤ ᠨᠡᠩ | ᠠᠮᠠᠷᠬᠠᠨ ᠪᠠᠶᠢᠳᠠᠭ ᠶᠤᠮ᠃ ᠢᠩᠬᠢᠬᠦ ᠶᠢᠨ ᠣᠷᠣᠨ ᠳᠤ ᠬᠠᠷᠢᠨ ᠡᠳᠦᠷ ᠪᠦᠷᠢ 20 ᠮᠢᠨᠦ᠋ᠲ ᠭᠦᠶᠦᠵᠦ ᠪᠠᠶᠢᠬᠤ ᠨᠢ | ᠠᠮᠠᠷᠬᠠᠨ ᠪᠡᠶᠡᠯᠡᠭᠳᠡᠬᠦ ᠮᠥᠷᠲᠡᠭᠡᠨ ᠡᠨᠡ ᠨᠢ ᠪᠠᠶᠢᠩᠭᠤ ᠪᠠᠷᠢᠮᠲᠠᠯᠠᠵᠤ ᠴᠢᠳᠠᠬᠤ ᠪᠠᠷᠢᠮᠵᠢᠶ᠎ᠠ ᠶᠤᠮ᠃ 4. ᠲᠣᠭᠲᠠᠮᠠᠯ | ᠬᠤᠭᠤᠴᠠᠭ᠎ᠠ ᠲᠠᠢ ᠳ᠋ᠦᠩᠨᠡᠯᠲᠡ ᠬᠢᠬᠦ᠃ ᠪᠡᠶᠡᠨ ᠳᠡᠭᠡᠨ ᠪᠠᠶᠢᠩᠭᠤ ᠳ᠋ᠦᠩᠨᠡᠯᠲᠡ ᠬᠢᠵᠦ᠂ ᠣᠯᠵᠦ ᠠᠯᠳᠠᠬᠰᠠᠨ ᠢᠶᠠᠨ | ᠲᠤᠩᠭᠠᠬᠤ ᠨᠢ ᠥᠪᠡᠷ ᠢ ᠪᠠᠨ ᠬᠥᠭᠵᠢᠭᠦᠯᠬᠦ ᠶᠢᠨ ᠴᠢᠬᠤᠯᠠ ᠨᠢᠭᠡ ᠲᠠᠯ᠎ᠠ ᠮᠥᠨ᠃ 5. ᠠᠮᠵᠢᠯᠲᠠ ᠳᠤ ᠬᠦᠷᠬᠦ ᠳᠤ | ᠶᠠᠭᠠᠷᠠᠵᠤ ᠪᠣᠯᠬᠤ ᠦᠭᠡᠢ᠂ ᠬᠠᠷᠠᠭ᠎ᠠ ᠪᠠᠨ ᠬᠤᠯᠠ ᠲᠠᠯᠪᠢᠬᠤ ᠬᠡᠷᠡᠭᠲᠡᠢ᠃ ᠵᠠᠷᠢᠮ ᠬᠥᠮᠥᠨ ᠮᠠᠰᠢ ᠶᠠᠭᠠᠷᠠᠮᠠᠲᠠᠭᠠᠢ | ᠪᠠᠶᠢᠵᠤ᠂ ᠶᠡᠷᠦ ᠨᠢ ᠣᠬᠤᠷᠬᠠᠨ ᠬᠤᠭᠤᠴᠠᠭᠠᠨ ᠳᠤ ᠮᠡᠳᠡᠭᠳᠡᠬᠦ᠋ᠢᠴᠡ ᠦᠷ᠎ᠡ ᠳ᠋ᠦᠩ ᠭᠠᠷᠭᠠᠬᠤ ᠶᠢ ᠪᠤᠳᠤᠳᠠᠭ᠃ | ᠶᠡᠷᠦᠨᠢ ᠶᠠᠭᠤ ᠬᠢᠭᠰᠡᠨ ᠴᠦ ᠬᠦᠯᠢᠴᠡᠩᠭᠦᠢ᠂ ᠳᠠᠭᠠᠭᠠᠴᠠᠲᠠᠢ ᠬᠠᠨᠳᠤᠵᠤ ᠰᠤᠷᠬᠤ ᠨᠢ ᠴᠢᠬᠤᠯᠠ ᠶᠤᠮ ᠠ᠋᠃ | |