ᠬᠡᠭᠦᠦ ᠶᠢᠨ ᠰᠦᠨ
ᠨᠡᠶᠢᠲᠡᠯᠡᠭᠰᠡᠨ ᠴᠠᠭ᠄
2024/4/17
   ᠬᠡᠭᠦᠦ ᠶᠢᠨ ᠰᠦᠨ ᠢᠨᠦ ᠴᠠᠭᠠᠨ ᠢᠳᠡᠬᠡᠨ ᠤ ᠤᠬᠢ ᠮᠠᠩᠯᠠᠢ ᠶᠢᠨ ᠨᠢᠬᠡᠨ ᠠᠵᠤᠭᠤ᠃ ᠬᠡᠭᠦᠦ ᠶᠢᠨ ᠰᠦᠨ ᠢ ᠪᠠᠰᠠ ᠴᠡᠭᠡ ᠬᠡᠮᠡᠮᠤᠢ᠃ ᠮᠤᠩᠭᠤᠯ ᠤᠨ ︽ᠨᠠᠢᠮᠠᠨ ᠠᠮᠳᠠᠳᠠᠨ︾᠎ ᠤ ᠲᠤᠳᠤᠷᠠᠬᠢ ︽ᠴᠠᠭᠠᠨ ᠬᠠᠰ ᠤᠨ ᠡᠬᠡᠳᠡᠩ︾ ᠬᠡᠮᠡᠭᠴᠢ ᠲᠠᠷᠤᠢ ᠬᠡᠭᠦᠦ ᠶᠢᠨ ᠰᠦᠨ ᠢ ᠬᠡᠯᠡᠭᠰᠡᠨ ᠪᠤᠯᠠᠢ᠃ ᠡᠷᠳᠡᠨ ᠠᠴᠠ ᠮᠠᠨ ᠤ ᠮᠤᠩᠭᠤᠯᠴᠤᠳ ᠴᠡᠭᠡ ᠶᠢ ᠬᠠᠭᠠᠳ ᠨᠤᠶᠠᠳ ᠤᠨ ᠭᠦᠨᠳᠦᠳᠦ ᠲᠠᠶᠢᠯᠠᠯᠭ᠎ᠠ᠂ ᠠᠯᠤᠰ ᠬᠤᠯᠠ ᠶᠢᠨ ᠠᠶᠠᠨ ᠲᠠᠶᠢᠨ᠂ ᠤᠷᠤᠭ ᠬᠤᠷᠢᠮ ᠪᠠᠶᠠᠷ ᠨᠠᠶᠢᠷ᠂ ᠠᠭᠤᠯᠠ ᠤᠰᠤ ᠤᠩᠭᠤᠨ ᠰᠦᠯᠳᠠ ᠶᠢᠨ ᠲᠠᠬᠢᠯᠭ᠎ᠠ᠂ ᠵᠡᠷᠬᠡ ᠬᠡᠷᠬᠢᠮ ᠬᠤᠪᠢᠯᠭᠠᠨ ᠬᠤᠳᠤᠭᠳᠠᠨ ᠵᠠᠯᠭᠠᠮᠵᠢᠯᠠᠬᠤ ᠨᠠᠶᠢᠷ᠂ ᠨᠤᠮ ᠤᠨ ᠮᠢᠨᠳᠠᠭ ᠤᠯᠭᠤᠬᠤ ᠶᠤᠰᠤᠯᠠᠯ ᠬᠢᠬᠡᠳ ᠪᠡᠶ᠎ᠡ ᠰᠤᠪᠢᠯᠠᠬᠤ ᠳᠤᠷ ᠴᠦᠮ ᠴᠡᠭᠡ ᠶᠢᠨ ᠰᠦᠩ ᠮᠡᠯᠮᠡᠯᠵᠠᠭᠦᠯᠵᠦ᠂ ᠬᠡᠮ ᠴᠡᠯᠬᠢᠭᠤᠯᠤᠤᠨ᠂ ᠴᠤᠭᠤᠷ ᠠᠶᠠᠯᠭᠤᠯᠠᠨ᠂ ᠲᠠᠭᠤᠤ ᠲᠠᠭᠤᠯᠠᠵᠦ᠂ ᠨᠠᠶᠢᠷ ᠤᠨ ᠲᠡᠬᠡᠵᠢ᠂ ᠵᠤᠭᠤᠭ ᠤᠨ ᠬᠠᠨᠢ ᠪᠤᠯᠭᠠᠳᠠᠭ ᠠᠵᠠᠢ᠃ ᠬᠡᠭᠦᠦ ᠶᠢᠨ ᠰᠦᠨ ᠢᠶᠠᠷ ᠭᠤᠤᠯᠳᠠᠭᠤ ᠴᠡᠭᠡ ᠢᠰᠬᠡᠵᠦ ᠠᠷᠢᠬᠢ ᠨᠡᠷᠡᠮᠤᠢ᠃ ᠬᠡᠭᠦᠦ ᠶᠢᠨ ᠰᠦᠨ ᠪᠤᠯ ᠰᠢᠮ᠎ᠡ ᠲᠡᠵᠢᠬᠡᠯ ᠢᠶᠠᠷ ᠡᠯᠪᠡᠭ᠂ ᠬᠠᠯᠠᠭᠤᠨ ᠴᠢᠨᠠᠷᠳᠠᠢ ᠪᠦᠬᠡᠳ ᠢᠰᠭᠦᠯᠡᠩ ᠲᠠᠪᠤᠰᠤᠯᠢᠭ ᠠᠮᠳᠠᠳᠠᠢ ᠪᠠᠶᠢᠳᠠᠭ ᠠᠵᠠᠢ᠃ ᠬᠡᠭᠦᠦ ᠶᠢᠨ ᠰᠦᠨ ᠰᠢᠷ᠎ᠠ ᠡᠪᠡᠳᠴᠢᠨ ᠢ ᠵᠠᠰᠠᠵᠦ᠂ ᠬᠤᠳᠤᠭᠤᠳᠤᠨ ᠰᠢᠩᠬᠡᠬᠡᠯᠳᠠ ᠶᠢ ᠰᠠᠶᠢᠵᠢᠷᠠᠭᠤᠯᠤᠨ᠂ ᠪᠡᠶ᠎ᠡ ᠮᠠᠬᠠᠪᠤᠳ ᠢ ᠴᠢᠬᠢᠷᠠᠭᠵᠢᠭᠤᠯᠤᠨ᠂ ᠲᠠᠮᠢᠷ ᠲᠡᠩᠬᠡ ᠶᠢ ᠨᠡᠮᠡᠭᠳᠡᠭᠦᠯᠭᠦ  ᠠᠴᠠ ᠭᠠᠳᠠᠨ᠎ᠠ᠂ ᠰᠦᠷᠢᠶ᠎ᠡ ᠡᠪᠡᠳᠴᠢᠨ ᠢ ᠵᠠᠰᠠᠵᠦ᠂ ᠠᠭᠤᠰᠬᠢ ᠶᠢ ᠰᠡᠯᠪᠢᠵᠦ᠂ ᠦᠶ᠎ᠡ ᠬᠡᠰᠢᠭᠦᠨ ᠤ ᠬᠡᠢ ᠶᠢ ᠲᠠᠷᠤᠮᠤᠢ᠃ ᠮᠠᠨᠡᠶᠢᠬᠢᠨ ᠬᠡᠭᠦᠦ ᠶᠢ ᠡᠷᠳᠡ ᠲᠡᠬᠡᠷ᠎ᠡ ᠦᠶ᠎ᠡ ᠠᠴᠠ ᠰᠠᠭᠠᠳᠠᠭ ᠠᠵᠠᠢ᠃ ︽ᠨᠢᠭᠤᠴᠠ ᠲᠤᠪᠴᠢᠶᠠᠨ︾᠎ ᠳᠤᠷ ︽ᠲᠠᠮᠤᠵᠢᠨ ᠨᠠᠢᠮᠠᠨ ᠰᠢᠷᠭ᠎ᠠ ᠠᠭᠳᠠ ᠪᠠᠨ ᠡᠷᠢᠷ᠎ᠠ ᠶᠠᠪᠤᠵᠦ ᠠᠳᠠᠯ᠎ᠠ ᠨᠠᠬᠤ ᠪᠠᠶᠠᠨ ᠤ ᠭᠦᠪᠡᠭᠦᠨ ᠪᠤᠭᠤᠷᠴᠢ ᠤᠯᠠᠨ ᠠᠳᠤᠭᠤᠨ ᠤ ᠲᠡᠷᠬᠡᠳᠠ ᠬᠡᠭᠦᠦ ᠰᠠᠭᠠᠵᠦ ᠪᠠᠶᠢᠯᠤᠭ᠎ᠠ︾ ᠬᠡᠮᠡᠨ ᠲᠡᠮᠳᠡᠭᠯᠡᠵᠦ ᠪᠤᠢ᠃ ︽ᠮᠠᠷᠺᠦ ᠫᠤᠯᠤ ᠶᠢᠨ ᠵᠢᠭᠤᠯᠴᠢᠯᠠᠯ ᠤᠨ ᠲᠡᠮᠳᠡᠭᠯᠡᠯ︾᠎ ᠳᠤᠷ ᠬᠤᠪᠢᠯᠠᠢ ᠰᠠᠴᠡᠨ ᠤ ᠵᠤᠰᠠᠯᠠᠩ ᠤᠨ ᠤᠷᠳᠤᠨ ᠱᠠᠩᠳᠦ ᠶᠢᠨ ᠬᠠᠪᠢ ᠳᠤᠷ ᠲᠤᠰᠬᠠᠶᠢᠯᠠᠨ ᠬᠠᠭᠠᠨ ᠢᠵᠠᠭᠤᠷᠳᠠᠨ ᠤ ᠤᠤᠭᠤᠬᠤ ᠴᠡᠭᠡ ᠶᠢ ᠬᠠᠩᠭᠠᠬᠤ ︽ᠦᠴᠦᠬᠡᠨ ᠴᠦ ᠦᠩᠬᠡ ᠬᠤᠯᠢᠴᠠᠭ᠎ᠠ ᠦᠬᠡᠢ᠂ ᠡᠬᠡᠬᠡ ᠨᠢᠬᠡᠯᠡ ᠵᠢᠰᠤᠮ ᠤᠨ ᠴᠤᠯ ᠴᠠᠭᠠᠨ ᠲᠤᠮᠤ ᠰᠦᠷᠦᠭ ᠠᠳᠤᠭᠤ ᠲᠠᠢ ᠁ ᠵᠦᠪᠬᠡᠨ ᠬᠡᠭᠦᠦ ᠨᠢ ᠲᠦᠮᠡ ᠭᠠᠷᠤᠢ ᠪᠠᠶᠢᠳᠠᠭ︾ ᠬᠡᠮᠡᠨ ᠲᠡᠮᠳᠡᠭᠯᠡᠭᠰᠡᠨ ᠪᠤᠯᠠᠢ᠃ ᠬᠡᠭᠦᠦ ᠰᠠᠭᠠᠬᠤᠢ᠂ ᠴᠡᠭᠡ ᠨᠡᠷᠡᠭᠦᠢ ᠦᠶ᠎ᠡ ᠶᠢᠨ ᠵᠤᠰᠠᠯᠠᠩ ᠨᠠᠮᠤᠷᠵᠢᠶ᠎ᠠ ᠶᠢ ᠠᠨᠤ ᠬᠡᠭᠦᠦ ᠤᠨᠠᠭ᠎ᠠ ᠳᠤᠷ ᠤᠰᠤ ᠪᠡᠯᠴᠢᠬᠡᠷ ᠬᠠᠩᠭᠠᠮᠵᠢᠳᠠᠢ᠂ ᠴᠡᠭᠡ ᠪᠤᠯᠪᠠᠰᠤᠷᠠᠭᠤᠯᠬᠤᠢ  ᠳᠤᠷ ᠠᠭᠤᠷ ᠠᠮᠢᠰᠬᠤᠯ ᠤᠨ ᠲᠡᠩᠴᠡᠭᠦᠷᠢᠳᠠᠢ ᠶᠢ ᠡᠷᠬᠢᠮᠨᠡᠵᠦ᠂ ᠭᠤᠤᠯ ᠭᠤᠷᠤᠬ᠎ᠠ ᠶᠢᠨ ᠨᠤᠭᠤᠭᠠᠨ ᠵᠦᠯᠬᠡ᠂ ᠬᠠᠷᠠᠵᠠ ᠪᠤᠯᠠᠭ ᠤᠨ ᠰᠡᠷᠢᠭᠦᠨ ᠲᠡᠨᠵᠢ ᠲᠡᠬᠡᠷ᠎ᠡ ᠲᠤᠬᠢᠷᠠᠭᠤᠯᠵᠦ᠂ ᠰᠠᠭᠠᠯᠢᠴᠢᠳ ᠤᠷᠤᠰᠬᠠᠯ ᠤᠨ ᠲᠤᠤᠷ᠎ᠠ ᠪᠡᠶ᠎ᠡ ᠪᠠᠨ ᠤᠬᠢᠶᠠᠨ ᠴᠡᠪᠡᠷᠯᠡᠭᠦᠢ ᠳᠤᠷ ᠲᠦᠭᠦᠮ ᠨᠦᠭᠦᠴᠡᠯ ᠢ ᠪᠦᠷᠢᠯᠳᠦᠭᠦᠯᠳᠡᠭ ᠪᠤᠯᠠᠢ᠃ ᠬᠡᠭᠦᠦ ᠰᠠᠭᠠᠬᠤᠢ ᠶᠢ ᠪᠠᠰᠠ ᠤᠨᠠᠭ᠎ᠠ ᠵᠡᠯᠡᠯᠡᠭᠦ ᠬᠡᠮᠡᠨ ᠬᠡᠯᠡᠳᠡᠭ᠃ ᠬᠡᠭᠦᠦ ᠰᠠᠭᠠᠬᠤᠢ ᠪᠠᠷ ᠤᠨᠠᠭ᠎ᠠ ᠲᠠᠢ ᠬᠡᠭᠦᠦ ᠬᠤᠴᠤᠷᠭᠠᠬᠤ ᠶᠢ ᠠᠨᠤ ᠬᠡᠭᠦᠦ ᠪᠠᠷᠢᠬᠤ ᠬᠡᠮᠡᠮᠤᠢ᠃ ᠬᠤᠴᠤᠷᠭᠠᠭᠰᠠᠨ ᠬᠡᠭᠦᠦ ᠪᠠᠨ ᠠᠳᠤᠭᠤᠨ ᠳᠤᠷ ᠪᠤᠴᠠᠭᠠᠬᠤᠢ ᠶᠢ ᠬᠡᠭᠦᠦ ᠲᠠᠯᠪᠢᠬᠤ ᠬᠡᠮᠡᠮᠤᠢ᠃ ᠬᠡᠭᠦᠦ ᠶᠢ ᠨᠢᠬᠡᠨ ᠵᠢᠯ ᠳᠤᠷ ᠵᠤᠨ᠂ ᠨᠠᠮᠤᠷ ᠬᠤᠶᠠᠷ ᠬᠤᠭᠤᠴᠠᠭ᠎ᠠ ᠬᠤᠪᠢᠶᠠᠨ ᠰᠠᠭᠠᠮᠤᠢ᠃ ᠵᠤᠨ ᠨᠠᠮᠤᠷ ᠬᠡᠭᠦᠦ ᠪᠠᠨ ᠰᠠᠭᠠᠵᠦ ᠡᠬᠢᠯᠡᠭᠦᠢ ᠳᠡᠭᠡᠨ ᠮᠠᠨᠠᠶᠢᠬᠢᠨ ᠴᠦᠮ ︽ᠴᠡᠭᠡ ᠶᠢᠨ ᠨᠠᠶᠢᠷ︾ ᠪᠤᠶᠦ ︽ᠤᠨᠠᠭᠠᠨ ᠪᠠᠶᠠᠷ︾ ᠬᠡᠮᠡᠨ ᠬᠤᠶᠠᠷ ᠤᠳᠠᠭ᠎ᠠ ᠨᠠᠶᠢᠷ ᠬᠢᠳᠡᠭ ᠪᠦᠯᠦᠬᠡ᠃ ᠨᠠᠶᠢᠷ ᠲᠠᠭᠠᠨ ᠬᠡᠭᠦᠦ ᠪᠦᠷᠢ ᠠᠴᠠ ᠲᠡᠬᠡᠵᠢ ᠬᠡᠮᠡᠨ ᠰᠠᠶ᠋ᠢᠬᠠᠨ ᠰᠠᠭᠠᠭᠰᠠᠨ ᠰᠦᠨ ᠠᠴᠠ ᠢᠨᠦ ᠬᠡᠳᠦᠨ ᠲᠤᠰᠤᠯ ᠠᠪᠴᠦ᠂ ᠤᠩᠭᠤᠨ ᠰᠢᠳᠦᠬᠡᠨ᠂ ᠤᠷᠢᠳᠤᠰ ᠲᠡᠬᠡᠳᠦᠰ ᠠᠷᠪᠠᠨ ᠵᠦᠭ ᠲᠤᠷ ᠰᠠᠴᠤᠯᠢ ᠡᠷᠭᠦᠵᠦ ᠦᠯᠡᠳᠡᠭᠰᠡᠨ ᠢ ᠢᠨᠦ ᠨᠠᠶᠢᠷ ᠤᠨ ᠰᠦᠩ ᠳᠤᠷ ᠲᠤᠰᠤᠭᠠᠨ ᠤᠨᠠᠭ᠎ᠠ ᠬᠡᠭᠦᠦ ᠪᠠᠨ ᠰᠢᠪᠰᠢᠨ ᠮᠢᠯᠢᠶᠡᠵᠦ ᠨᠠᠶᠢᠷ ᠬᠢᠳᠡᠭ ᠪᠦᠬᠡᠳ ᠰᠦᠷᠦᠭ ᠵᠤᠵᠠᠭᠠᠨ ᠶᠡᠭᠡ ᠨᠠᠶᠢᠷ ᠲᠤᠷ ︽ᠡᠷ᠎ᠡ ᠶᠢᠨ ᠭᠤᠷᠪᠠᠨ ᠨᠠᠭᠠᠳᠤᠮ︾ ᠎ ᠲᠠᠢ ᠪᠤᠯᠠᠢ᠃ ᠬᠡᠭᠦᠦ ᠠᠴᠠ ᠨᠢᠬᠡᠨ ᠤᠳᠠᠭ᠎ᠠ ᠭᠠᠷᠬᠤ ᠰᠦᠨ ᠢ ᠰᠠᠭᠠᠮ᠎ᠠ ᠬᠡᠮᠡᠮᠤᠢ᠃ ᠬᠡᠭᠦᠦ ᠶᠢ ᠰᠠᠭᠠᠬᠤᠢ ᠳᠠᠭᠠᠨ ᠨᠢᠬᠡ ᠳᠤᠷ ᠡᠬᠡ ᠤᠨᠠᠭ᠎ᠠ ᠬᠤᠶᠠᠷ ᠤᠨ ᠬᠠᠯᠠᠭᠤᠳᠠᠵᠦ ᠵᠢᠯ ᠤᠨ ᠤᠨᠳᠤᠷᠤᠯᠳᠠ ᠶᠢ ᠨᠦᠯᠤᠬᠡᠯᠡᠭᠦᠢ ᠶᠢ ᠬᠢᠴᠢᠶᠡᠵᠦ᠂ ᠨᠦᠭᠦᠬᠡ  ᠳᠤᠷ ᠰᠠᠭᠠᠬᠤᠢ ᠴᠠᠭ ᠠᠨᠤ ᠬᠡᠳᠦᠷᠬᠡᠢ ᠤᠷᠳᠤᠳᠠᠭᠠᠳ ᠤᠨᠠᠭ᠎ᠠ ᠠᠨᠤ ᠭᠦᠷᠦᠪᠰᠢᠵᠦ ᠲᠡᠶᠢᠯᠭᠦ ᠦᠬᠡᠢ ᠪᠤᠯᠬᠤᠢ ᠠᠴᠠ ᠵᠠᠶᠢᠯᠠᠰᠬᠢᠮᠤᠢ᠃ ᠡᠶᠢᠨ ᠭᠦ ᠬᠡᠭᠦᠦ ᠶᠢ ᠰᠠᠭᠠᠬᠤᠢ ᠬᠤᠭᠤᠴᠠᠭ᠎ᠠ ᠶᠢ ᠠᠨᠤ ᠦᠬᠡᠷ᠂ ᠲᠡᠮᠡᠭᠡ ᠯᠦᠭᠡ ᠬᠠᠷᠢᠴᠠᠭᠤᠯᠪᠠᠰᠦ ᠴᠠᠭ ᠠᠨᠤ ᠪᠤᠭᠤᠨᠢ ᠪᠤᠯᠠᠢ᠃ ᠲᠡᠶᠢᠮᠦ ᠶᠢᠨ ᠲᠤᠯᠠ ᠪᠤᠭᠤᠳᠠᠢ ᠪᠤᠯᠪᠠᠰᠤᠷᠠᠬᠤᠢ ᠠᠴᠠ ᠡᠬᠢᠯᠡᠨ ᠭᠦᠢᠳᠡᠨ ᠰᠢᠭᠦᠳᠡᠷᠢ ᠪᠠᠭᠤᠬᠤ ᠪᠤᠯᠳᠠᠯ᠎ᠠ ᠬᠤᠶᠠᠳᠡᠬᠢ ᠬᠤᠭᠤᠴᠠᠭ᠎ᠠ ᠪᠤᠯᠭᠠᠳᠠᠭ ᠪᠤᠯᠠᠢ᠃ ᠵᠢᠴᠢ ᠠᠭᠤᠷ ᠠᠮᠢᠰᠬᠤᠯ ᠰᠡᠪᠡᠷᠡᠭᠦᠨ ᠪᠠᠶᠢᠪᠠᠰᠦ ᠤᠨᠠᠭ᠎ᠠ ᠪᠠᠨ ᠬᠠᠷᠠᠵᠠ ᠨᠠᠭᠤᠷ ᠤᠶᠢᠷᠠᠯᠴᠠᠭ᠎ᠠ ᠴᠢᠬᠢᠭᠯᠢᠭ ᠭᠠᠵᠠᠷ ᠵᠠᠯᠠᠯᠠᠨ᠂ ᠬᠤᠷ᠎ᠠ ᠪᠤᠷᠤᠭᠠᠨ ᠡᠯᠪᠡᠭ ᠴᠠᠭ ᠲᠤᠷ ᠲᠡᠨᠵᠢ ᠦᠪᠦᠷᠡᠭᠦᠨ ᠭᠠᠵᠠᠷ ᠵᠡᠯᠡᠯᠡᠵᠦ ᠦᠳᠠ ᠶᠢᠨ ᠬᠠᠯᠠᠭᠤᠨ᠎ᠠ ᠮᠤᠳᠤᠨ ᠰᠡᠭᠦᠳᠡᠷ ᠲᠤᠷ ᠪᠤᠶᠦ ᠰᠡᠷᠢᠭᠦᠨ ᠰᠠᠷᠠᠪᠴᠢᠨ ᠳᠤᠷ ᠪᠠᠶᠢᠯᠭᠠᠮᠤᠢ᠃ ᠤᠨᠴᠠ ᠬᠠᠯᠠᠭᠤᠨ ᠬᠢᠬᠡᠳ ᠪᠤᠷᠤᠭᠠᠨ ᠪᠦᠷᠭᠦᠭ ᠲᠤᠷ ᠵᠠᠯᠠᠯᠠᠭᠦ ᠦᠬᠡᠢ ᠪᠤᠯᠪᠠᠰᠤ ᠵᠤᠬᠢᠮᠤᠢ᠃ ᠬᠡᠭᠦᠦ ᠶᠢ ᠡᠳᠦᠷ ᠲᠤᠷ 4 — 6 ᠤᠳᠠᠭ᠎ᠠ ᠪᠤᠶᠦ ᠨᠠᠢᠮᠠᠨ ︵ᠬᠠᠯᠬ᠎ᠠ᠂ ᠰᠦᠨᠢᠳ᠂ ᠤᠷᠢᠶᠠᠩᠬᠠᠢ︶ ᠤᠳᠠᠭ᠎ᠠ ᠰᠠᠭᠠᠳᠠᠭ ᠴᠦ ᠪᠤᠢ᠃ ᠬᠡᠭᠦᠦ ᠶᠢᠨ ᠰᠦ ᠪᠠᠨ ᠰᠠᠭᠠᠮᠠᠭᠴᠠ ᠰᠦᠷᠦᠭ ᠤᠨ ᠵᠤᠵᠠᠭᠠᠨ ᠨᠢᠮᠬᠡᠨ ᠢ ᠢᠨᠦ ᠦᠨᠳᠦᠰᠦᠯᠡᠵᠦ ᠬᠡᠳᠦᠨ ᠵᠠᠭᠤᠨ ᠵᠢᠩ ᠪᠠᠭᠳᠠᠬᠤ ᠲᠤᠮᠤ ᠮᠤᠳᠤᠨ ᠲᠤᠷᠬ᠎ᠠ ᠪᠤᠶᠦ ᠬᠡᠳᠦᠨ ᠠᠷᠪᠠᠨ ᠵᠢᠩ ᠪᠠᠭᠳᠠᠬᠤ ᠪᠤᠳᠤᠩ ᠳᠤᠷ ᠬᠢᠵᠦ ᠢᠰᠬᠡᠳᠡᠭ ᠠᠵᠤᠭᠤ᠃ ᠰᠠᠭᠠᠮᠠᠭᠠᠢ ᠬᠡᠭᠦᠦ ᠠᠴᠠ ᠨᠢᠬᠡᠨ ᠰᠠᠭᠠᠮ᠎ᠠ ᠳᠤᠷ ᠵᠢᠩ ᠢᠯᠡᠭᠦᠦ ᠰᠦᠨ ᠭᠠᠷᠬᠤ ᠪᠠ ᠡᠮᠨᠢᠭ ᠬᠡᠭᠦᠦ ᠠᠴᠠ ᠬᠠᠭᠠᠰ ᠵᠢᠩ ᠢᠯᠡᠭᠦᠦ ᠰᠦᠨ ᠭᠠᠷᠳᠠᠭ ᠪᠤᠯᠠᠢ᠃ ᠡᠮᠨᠢᠭ ᠬᠡᠭᠦᠦ ᠶᠢ ᠰᠠᠭᠠᠬᠤᠢ  ᠠᠴᠠ ᠡᠮᠦᠨ᠎ᠡ ᠪᠤᠭᠤᠮᠢᠴᠢᠯᠠᠬᠤ ᠪᠤᠶᠦ ᠦᠷᠦᠬᠡᠯᠳᠡᠮᠤᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号