ᠰᠢᠷᠡᠬᠡᠳᠦ ᠭᠦᠷᠢᠶ᠎ᠡ ᠬᠤᠰᠢᠭᠤᠨ ᠤ ᠠᠶᠢᠯ ᠲᠤᠰᠬᠤᠨ ᠠᠭᠤᠯᠠ ᠤᠰᠤᠨ ᠤ ᠨᠡᠷᠡᠶᠢᠳᠦᠯ ᠤᠨ ᠲᠠᠶᠢᠯᠦᠮᠵᠢ
ᠨᠡᠶᠢᠲᠡᠯᠡᠭᠰᠡᠨ ᠴᠠᠭ᠄
2024/4/17
   ᠳ᠋᠊᠂ ᠡᠷᠳᠡᠮᠳᠦ ᠤᠩᠭᠤᠴᠠᠳᠠᠢ — ᠤᠩᠭᠤᠴᠠᠳᠠᠢ ᠠᠶᠢᠯ ᠤᠨ ᠪᠠᠷᠠᠭᠤᠨ ᠬᠤᠶᠢᠳᠦ ᠭᠤᠤ ᠶᠢᠨ ᠪᠠᠷᠠᠭᠤᠨ ᠲᠡᠨᠵᠢ᠂ ᠱᠤᠷᠤᠩ  ᠤᠨ ᠠᠭᠤᠯᠠᠨ ᠤ ᠪᠤᠯᠠᠢ ᠳᠤ᠂ ᠭᠦᠷᠢᠶᠡᠳᠦ ᠶᠢᠨ ᠠᠭᠤᠯᠠᠨ ᠤ ᠵᠡᠭᠦᠨ ᠪᠡᠶ᠎ᠡ ᠳᠤ ᠨᠢᠬᠡᠨ ᠬᠡᠰᠡᠭ ᠲᠡᠭᠰᠢ ᠲᠠᠯ᠎ᠠ ᠭᠠᠵᠠᠷ ᠪᠠᠶᠢᠳᠠᠭ᠃ ᠠᠳᠠ ᠦᠩᠬᠡᠷᠡᠭᠰᠡᠨ ᠳᠤ ᠵᠠᠭᠤ ᠰᠢᠬᠠᠮ ᠡᠷᠳᠡᠨ ᠤ ᠭᠠᠭᠴᠠ ᠨᠢᠳᠦ ᠲᠠᠢ ᠴᠢᠯᠠᠭᠤᠨ ᠤᠩᠭᠤᠴᠠ ᠪᠠᠶᠢᠭᠰᠠᠨ ᠶᠤᠮ᠃ ᠡᠨᠡ ᠭᠦ ᠴᠢᠯᠠᠭᠤᠨ ᠤᠩᠭᠤᠴᠠ ᠶᠢᠨ ᠤᠶᠢᠷᠠᠯᠴᠠᠭ᠎ᠠ ᠠᠶᠢᠯ ᠪᠤᠯᠵᠦ ᠰᠠᠭᠤᠭᠰᠠᠨ ᠠᠴᠠ ᠲᠤᠰ ᠠᠶᠢᠯ ᠢ ᠴᠢᠯᠠᠭᠤᠨ ᠤᠩᠭᠤᠴᠠᠳᠠᠢ ᠬᠡᠵᠦ ᠨᠠᠷᠠᠯᠠᠨ᠂ ᠲᠦᠭᠦᠮᠴᠢᠯᠡᠬᠡᠳ ᠤᠩᠭᠤᠴᠠᠳᠠᠢ ᠬᠡᠵᠦ ᠨᠠᠷᠠᠯᠠᠬᠤ ᠪᠤᠯᠤᠭᠰᠠᠨ ᠶᠤᠮ᠃ ᠲᠤᠰ ᠠᠶᠢᠯ ᠤᠨ ᠬᠠᠷᠢᠶ᠎ᠠ ᠠᠴᠠ ᠭᠦᠮᠦᠰ ᠯᠢᠶᠦᠦ ᠤᠯᠤᠰ᠂ ᠶᠤᠸᠠᠨ ᠤᠯᠤᠰ ᠤᠨ ᠤᠩᠭᠤᠨ ᠢ ᠰᠠᠨᠠᠮᠰᠠᠷ ᠦᠬᠡᠢ ᠮᠠᠯᠳᠠᠵᠦ ᠭᠠᠷᠭᠠᠭᠰᠠᠨ ᠲᠠᠤᠬᠡ ᠲᠠᠢ᠃ ︽ᠭᠦᠷᠢᠶ᠎ᠡ ᠬᠤᠰᠢᠭᠤᠨ ᠤ ᠭᠠᠵᠠᠷ ᠤᠨ ᠨᠠᠷᠠᠰ ᠤᠨ ᠲᠡᠮᠳᠡᠭᠯᠡᠯ︾᠎ ᠳᠤ ᠲᠡᠳᠡᠬᠡᠷ ᠴᠢᠯᠠᠭᠤᠨ ᠤᠩᠭᠤᠴᠠ ᠶᠢ ︽ᠯᠢᠶᠦᠦ ᠤᠯᠤᠰ ᠤᠨ ᠦᠶ᠎ᠡ ᠶᠢᠨ ᠴᠢᠯᠠᠭᠤᠨ ᠤᠩᠭᠤᠴᠠ︾ ᠬᠡᠵᠦ ᠲᠡᠮᠳᠡᠭᠯᠡᠵᠦ ᠪᠠᠶᠢᠨ᠎ᠠ᠃ ᠴᠠᠬᠠᠷ — ᠴᠠᠬᠠᠷ ᠠᠶᠢᠮᠠᠭ ᠤᠨ ᠢᠮᠠᠭᠠᠴᠢᠨ ︵ᠬᠤᠨᠢᠴᠢᠨ︶ ᠪᠤᠶᠦ ᠤᠬᠤᠨᠠᠨ ᠤᠪᠤᠭᠳᠦ ᠢᠷᠡᠵᠦ ᠰᠠᠭᠤᠭᠰᠠᠨ ᠠᠴᠠ ᠴᠠᠬᠠᠷ ᠠᠶᠢᠯ ᠪᠤᠢ ᠪᠤᠯᠪᠠ᠃ ᠠᠯᠢᠮᠠᠳᠦ — ᠠᠶᠢᠯ ᠤᠨ ᠵᠡᠭᠦᠨᠳᠠᠢ ᠤᠯᠠᠨ ᠠᠯᠢᠮ᠎ᠠ ᠶᠢᠨ ᠮᠤᠳᠦ ᠲᠠᠢ ᠪᠠᠶᠢᠭᠰᠠᠨ ᠠᠴᠠ ᠠᠯᠢᠮᠠᠳᠦ ᠬᠡᠵᠦ ᠨᠡᠷᠡᠯᠡᠪᠡ᠃ ᠴᠤᠷᠵᠢ — ᠰᠦᠮ᠎ᠡ ᠶᠢᠨ ᠬᠤᠷᠠᠯ ᠳᠤ ᠨᠤᠮ ᠤᠨ ᠦᠢᠯᠡ ᠶᠢ ᠲᠤᠯᠤᠭᠠᠶᠢᠯᠠᠭᠴᠢ ᠯᠠᠮᠠ ᠶᠢᠨ ᠲᠤᠰᠢᠶᠠᠯ ᠤᠨ ᠨᠠᠷ᠎ᠠ᠂ ᠲᠤᠰ ᠠᠶᠢᠯ ᠳᠤ ᠴᠤᠷᠵᠢ ᠲᠤᠰᠢᠶᠠᠯ ᠲᠠᠢ ᠯᠠᠮᠠ ᠪᠠᠶᠢᠭᠰᠠᠨ ᠠᠴᠠ ᠠᠶᠢᠯ ᠤᠨ ᠨᠠᠷ᠎ᠠ ᠪᠤᠯᠪᠠ᠃ ᠤᠳᠦ ᠪᠠᠶᠠᠨᠬᠤᠸᠠ ᠠᠶᠢᠯ ᠬᠡᠵᠦ ᠨᠡᠷᠡᠯᠡᠪᠡ᠃ ᠤᠯᠠᠭᠠᠨ ᠭᠠᠩ — ᠠᠶᠢᠯ ᠤᠨ ᠡᠮᠦᠨ᠎ᠡ ᠡᠷᠬᠢ ᠳᠤ ᠤᠯᠠᠭᠠᠨ ᠦᠩᠬᠡ ᠲᠠᠢ ᠭᠠᠩᠭ᠎ᠠ ᠪᠠᠶᠢᠭᠰᠠᠨ ᠠᠴᠠ ᠲᠤᠰᠬᠤᠨ ᠤ ᠨᠠᠷᠠᠶᠢᠳᠦᠯ ᠪᠤᠯᠪᠠ᠃ ᠠᠭᠴᠢᠨ — ᠴᠤᠬᠤᠮ ᠨᠠᠷ᠎ᠠ ᠨᠢ ᠠᠭᠳᠠᠴᠢᠨ ᠬᠡᠳᠡᠭ᠃ ᠠᠳᠤᠭᠤ ᠮᠤᠷᠢ ᠬᠠᠷᠢᠭᠤᠯᠵᠦ ᠪᠠᠶᠢᠭᠰᠠᠨ ᠠᠳᠤᠭᠤᠴᠢᠨ ᠪᠤᠶᠦ ᠠᠭᠳᠠᠴᠢᠨ ᠤᠪᠤᠭ ᠢᠷᠡᠵᠦ ᠠᠶᠢᠯ ᠪᠤᠯᠤᠭᠰᠠᠨ ᠠᠴᠠ ᠢᠷᠡᠯᠳᠠᠢ᠃ ᠪᠤᠯᠪᠠᠰᠤᠨ — ᠰᠤᠶᠤᠯ ᠪᠤᠯᠪᠠᠰᠤᠨ ᠤ ᠪᠤᠯᠪᠠᠰᠤᠨ᠃ ᠯᠠᠮᠠ ᠶᠢᠨ ᠭᠤᠤ — ᠭᠤᠤ ᠲᠤᠳᠤᠷ᠎ᠠ ᠨᠢ ᠰᠦᠮ᠎ᠡ ᠲᠠᠢ ᠯᠠᠮᠠ ᠲᠠᠢ ᠪᠠᠶᠢᠭᠰᠠᠨ ᠠᠴᠠ ᠢᠩᠬᠢᠵᠦ ᠨᠡᠷᠡᠯᠡᠪᠡ᠃ ᠪᠠᠷᠠᠭᠤᠨ ᠨᠤᠬᠠᠢ ᠪᠠᠶᠢᠰᠢᠩ — ᠲᠡᠵᠢᠬᠡᠭᠰᠡᠨ ᠨᠤᠬᠠᠢ ᠨᠢ ᠤᠶᠢᠷ᠎ᠠ ᠤᠷᠴᠢᠮ ᠳᠠᠭᠠᠨ ᠨᠠᠷᠠᠳᠠᠢ ᠬᠡᠴᠡᠭᠦᠦ ᠲᠤᠭᠰᠢᠨ ᠪᠠᠶᠢᠭᠰᠠᠨ ᠠᠴᠠ ᠨᠤᠬᠠᠢ ᠪᠠᠶᠢᠰᠢᠩ ᠨᠠᠷ᠎ᠠ ᠲᠠᠢ ᠪᠤᠯᠪᠠ ᠬᠡᠳᠡᠭ᠃ ᠪᠠᠳᠤᠴᠠᠭᠠᠨ — ᠪᠠᠳᠤᠴᠠᠭᠠᠨ ᠮᠤᠳᠦ ᠠᠷᠪᠢᠨ ᠤᠷᠭᠤᠵᠦ ᠪᠠᠶᠢᠭᠰᠠᠨ ᠭᠠᠵᠠᠷ ᠰᠠᠭᠤᠭᠰᠠᠨ ᠠᠶᠢᠯ᠃ ᠰᠧᠷᠡᠪ — ᠰᠧᠷᠡᠪ ᠨᠠᠷᠠᠳᠠᠢ ᠭᠦᠮᠦᠨ ᠠᠶᠢᠯ ᠪᠤᠯᠵᠦ ᠰᠠᠭᠤᠭᠰᠠᠨ ᠠᠴᠠ ᠰᠧᠷᠡᠪ ᠤᠨ ᠠᠶᠢᠯ ᠬᠡᠳᠡᠭ ᠨᠠᠷᠠᠶᠢᠳᠤᠯ ᠪᠤᠢ ᠪᠤᠯᠪᠠ᠃ ᠲᠤᠯᠤᠭᠠᠨ ᠬᠡᠷ — ᠠᠶᠢᠯ ᠪᠤᠯᠵᠦ ᠰᠠᠭᠤᠬᠤ ᠦᠶᠡᠰ ᠲᠤᠯᠤᠭᠠᠨ ᠬᠡᠷ ᠪᠠᠶᠢᠭᠰᠠᠨ ᠲᠤᠯᠠ ᠢᠩᠬᠢᠵᠦ ᠨᠡᠷᠡᠯᠡᠪᠡ᠃ ᠳ᠋ᠠᠬᠠᠨ — ᠶᠡᠭᠡ ᠬᠠᠨ ᠬᠡᠰᠡᠨ ᠦᠬᠡ᠂ ᠬᠠᠨ ᠤ ᠶᠠᠮᠠᠷ ᠨᠢᠬᠡᠨ ᠤᠶᠢᠷ᠎ᠡ ᠲᠦᠷᠦᠯ ᠨᠢ ᠠᠳᠠ ᠢᠷᠡᠵᠦ ᠨᠤᠳᠤᠭᠰᠢᠨ ᠰᠠᠭᠤᠭᠰᠠᠨ ᠠᠴᠠ ᠢᠩᠬᠢᠵᠦ ᠨᠡᠷᠡᠶᠢᠳᠪᠡ᠃ ᠭᠤᠩᠰᠢᠶ᠎ᠠ — ᠠᠳᠠ ᠢᠷᠡᠵᠦ ᠠᠶᠢᠯ ᠪᠤᠯᠵᠦ ᠰᠠᠭᠤᠭᠰᠠᠨ ᠭᠦᠮᠦᠨ ᠨᠢ ᠭᠤᠩᠰᠢᠶ᠎ᠠ ᠲᠠᠭᠤ ᠲᠠᠢ ᠪᠠᠶᠢᠭᠰᠠᠨ  ᠠᠴᠠ ᠭᠤᠩᠰᠢᠶ᠎ᠠ ᠶᠢᠨ ᠠᠶᠢᠯ ᠪᠤᠯᠪᠠ᠃ ᠪᠦᠵᠤᠩᠬᠡᠢ — ᠨᠡᠭᠦᠵᠦ ᠰᠢᠯᠵᠢᠭᠦ ᠲᠤᠷᠠᠳᠠᠢ ᠴᠠᠬᠠᠷ ᠠᠶᠢᠮᠠᠭ ᠤᠨ ᠭᠦᠮᠦᠨ ᠠᠳᠠ ᠰᠠᠭᠤᠭᠰᠠᠨ ᠠᠴᠠ ᠪᠦᠵᠤᠩ ᠰᠢᠭ ᠵᠠᠩ ᠲᠠᠢ ᠬᠡᠮᠡᠨ ᠬᠡᠯᠡᠯᠴᠡᠵᠦ ᠠᠶᠢᠯ ᠤᠨ ᠨᠡᠷ᠎ᠡ ᠨᠢ ᠪᠦᠵᠤᠩᠬᠡᠢ ᠪᠤᠯᠪᠠ᠃ ᠰᠢᠪᠠᠷᠳᠠᠢ — ᠠᠶᠢᠯ ᠤᠨ ᠡᠮᠦᠨᠡᠭᠦᠷ ᠤᠷᠤᠰᠬᠤ ᠭᠤᠤᠯ ᠨᠢ ᠰᠢᠪᠡᠷ ᠱᠠᠯᠴᠢᠭ ᠲᠠᠢ᠂ ᠮᠠᠯ ᠤᠨᠤᠭ᠎ᠠ ᠤᠯᠠᠨ ᠤᠳᠠᠭ᠎ᠠ ᠰᠢᠪᠠᠷᠳᠠᠭᠰᠠᠨ ᠲᠤᠯᠠ ᠰᠢᠪᠠᠷᠳᠠᠢ ᠬᠡᠮᠡᠨ ᠨᠠᠷ᠎ᠠ ᠭᠠᠷᠴᠦ᠂ ᠬᠤᠵᠢᠮ ᠨᠢ ᠠᠶᠢᠯ ᠤᠨ ᠨᠠᠷᠡᠶᠢᠳᠦᠯ ᠪᠤᠯᠪᠠ᠃ ᠮᠠᠨᠽᠢ — ᠰᠤᠨᠤᠰᠬᠤᠯ᠎ᠠ᠂ ᠴᠢᠩ ᠤᠯᠤᠰ ᠤᠨ ᠡᠩᠬᠡ ᠠᠮᠤᠭᠤᠯᠠᠩ ᠬᠠᠭᠠᠨ ᠴᠠᠭᠳᠠᠨ ᠪᠠᠶᠢᠴᠠᠭᠠᠵᠦ ᠶᠠᠪᠤᠬᠤ  ᠳᠠᠭᠠᠨ ᠲᠤᠰ ᠠᠶᠢᠯ ᠳᠤ ᠭᠦᠷᠴᠦ ᠢᠷᠡᠬᠡᠳ ᠰᠠᠭᠤᠭᠠᠯᠢ ᠠᠷᠠᠳ ᠲᠡᠭᠦᠨ ᠳᠤ ᠰᠦᠭᠦᠳᠴᠦ ᠮᠦᠷᠭᠦᠭᠰᠡᠨ ᠦᠬᠡᠢ ᠳᠤ ︽ᠵᠡᠷᠯᠢᠭ᠂ ᠮᠠᠩᠭᠤᠰ ᠮᠠᠳᠦ︕︾ ᠬᠡᠮᠡᠨ ᠬᠡᠯᠡᠭᠰᠡᠨ ᠠᠴᠠ ᠮᠠᠨᠽᠢ ᠶᠢᠨ ᠠᠶᠢᠯ ᠪᠤᠯᠪᠠ ᠬᠡᠳᠡᠭ᠃ ᠯᠠᠶᠢᠽᠢ — ᠡᠩᠬᠡ ᠠᠮᠤᠭᠤᠯᠠᠩ ᠨᠢᠬᠡᠨ ᠠᠶᠢᠯ ᠳᠤ ᠭᠦᠷᠦᠬᠡᠳ ᠠᠳᠡᠬᠢ ᠠᠷᠠᠳ ᠢ ︽ᠯᠠᠶᠢᠮᠤᠤᠰ︾ ᠬᠡᠵᠦ ᠬᠡᠯᠡᠭᠰᠡᠨ ᠠᠴᠠ ᠲᠤᠰᠬᠤᠨ ᠤ ᠨᠡᠷ᠎ᠡ ᠶᠢ ᠯᠠᠶᠢᠽᠢ ᠬᠡᠵᠦ ᠨᠡᠷᠡᠯᠡᠪᠡ ᠬᠡᠨ᠎ᠡ᠃ ᠳ᠋ᠦᠩᠰᠢᠭᠤᠷ — ᠡᠩᠬᠡ ᠠᠮᠤᠭᠤᠯᠠᠩ ᠵᠠᠮᠨᠠᠭᠰᠠᠭᠠᠷ ᠨᠢᠬᠡᠨ ᠠᠶᠢᠯ ᠭᠦᠷᠭᠦ ᠳᠤ ᠭᠠᠷ ᠨᠢ ᠭᠦᠯᠳᠡᠭᠦ ᠰᠢᠬᠠᠪᠠ᠂ ᠡᠶᠢᠨ ᠭᠦ ᠲᠤᠰ ᠠᠶᠢᠯ ᠢ ᠳ᠋ᠦᠩ ᠱᠸᠦ ᠬᠡᠵᠦ ᠨᠠᠷᠠᠯᠠᠨ ᠶᠠᠪᠠᠭᠠᠨ ᠳᠠᠭᠠᠨ ᠳ᠋ᠦᠩᠰᠢᠭᠤᠷ ᠪᠤᠯᠪᠠ ᠬᠡᠳᠡᠭ᠃ ᠬᠤᠵᠢᠷ ᠤᠨ ᠭᠤᠤᠯ — ᠠᠶᠢᠯ ᠤᠨ ᠲᠤᠮᠳᠠᠭᠤᠷ ᠤᠷᠤᠰᠬᠤ ᠭᠤᠤᠯ ᠨᠢ ᠬᠤᠵᠢᠷ ᠲᠠᠢ ᠲᠤᠯᠠ ᠬᠤᠵᠢᠷ ᠢᠶᠠᠷ ᠤᠨᠴᠠᠯᠢᠭ ᠪᠤᠯᠭᠠᠵᠦ ᠬᠤᠵᠢᠷ ᠤᠨ ᠭᠤᠤᠯ ᠪᠤᠯᠪᠠ᠃ ᠲᠤᠯᠤᠭᠠᠳᠦ — ᠪᠤᠤ ᠤᠪᠤᠭᠳᠦ ᠶᠢᠨ ᠠᠬ᠎ᠠ ᠲᠡᠭᠦᠦ ᠲᠤᠯᠤᠭᠠᠭᠤᠯᠠ ᠨᠡᠭᠦᠵᠦ ᠢᠷᠡᠵᠦ ᠠᠶᠢᠯ ᠪᠤᠯᠤᠭᠰᠠ  ᠠᠴᠠ ᠲᠤᠯᠤᠭᠠᠳᠦ ᠬᠡᠰᠡᠨ ᠨᠠᠷ᠎ᠠ ᠪᠤᠯᠪᠠ᠃ ᠪᠠᠰᠠ ᠠᠭᠤᠷ ᠤᠨ ᠠᠶᠢᠯ ᠬᠡᠮᠡᠳᠡᠭ᠃ ᠪᠤᠭᠤᠳᠠᠢ — ᠠᠯᠢ ᠡᠷᠳᠠ ᠡᠨᠡ ᠭᠠᠵᠠᠷ ᠪᠤᠭᠤ ᠰᠤᠭᠤ ᠠᠷᠪᠢᠨ ᠪᠠᠶᠢᠭᠰᠠᠨ ᠲᠤᠯᠠ ᠪᠤᠭᠤᠳᠠᠢ ᠬᠡᠵᠦ ᠠᠶᠢᠯ  ᠤᠨ ᠨᠡᠷ᠎ᠡ ᠪᠤᠢ ᠪᠤᠯᠪᠠ᠃ ᠦᠨᠳᠦᠷ ᠤᠨ ᠪᠠᠶᠢᠰᠢᠩ — ᠠᠶᠢᠯ ᠪᠤᠯᠵᠦ ᠰᠠᠭᠤᠭᠰᠠᠨ ᠡᠷᠦᠬᠡ ᠨᠢ ᠦᠨᠳᠦᠷ ᠬᠡᠷᠡᠮ ᠪᠠᠷᠢᠵᠦ ᠰᠠᠭᠤᠷᠢᠰᠢᠭᠰᠠᠨ ᠠᠴᠠ ᠡᠨᠡ ᠨᠠᠷ᠎ᠠ ᠪᠤᠢ ᠪᠤᠯᠪᠠ᠃ ᠪᠠᠶᠠᠨᠳᠠᠯ᠎ᠠ — ᠤᠰᠤ ᠪᠡᠯᠴᠢᠬᠡᠷ ᠪᠠᠶᠠᠯᠢᠭ ᠲᠠᠯ᠎ᠠ ᠬᠡᠰᠡᠨ ᠦᠬᠡ ᠠᠴᠠ ᠢᠷᠡᠯᠳᠠᠢ᠃ ᠨᠠᠷᠢᠨᠳᠠᠯ᠎ᠠ — ᠨᠠᠷᠢᠨ ᠤᠷᠳᠦ ᠲᠠᠯ᠎ᠠ ᠭᠠᠵᠠᠷ ᠬᠡᠰᠡᠨ ᠦᠬᠡ ᠠᠴᠠ ᠠᠶᠢᠯ ᠤᠨ ᠨᠡᠷ᠎ᠡ ᠪᠤᠯᠪᠠ᠃ ᠪᠧᠪᠸᠢ — ᠤᠷᠴᠢᠨ ᠲᠤᠭᠤᠷᠢᠨ ᠤ ᠬᠡᠳᠦᠨ ᠬᠤᠰᠢᠭᠤᠨ ᠤ ᠪᠦᠬᠡ ᠠᠳᠠ ᠴᠤᠭᠯᠠᠷᠠᠨ ᠪᠦᠬᠡᠯᠡᠭᠰᠡᠨ ᠬᠡᠳᠡᠭ᠃ ᠪᠦᠬᠡ ᠪᠦᠬᠡᠯᠡᠭᠰᠡᠨ ᠭᠠᠵᠠᠷ ᠠᠴᠠ ᠲᠦᠭᠦᠮᠴᠢᠯᠡᠨ ᠪᠧᠪᠸᠢ ᠪᠤᠯᠴᠢᠬᠠᠯ᠎ᠠ ᠬᠡᠨ᠎ᠡ᠃ ᠭᠤᠷᠪᠠᠨ ᠮᠤᠳᠦ — ᠠᠶᠢᠯ ᠤᠨ ᠲᠤᠮᠳᠠ ᠨᠢ ᠭᠤᠷᠪᠠᠭ᠋ᠠᠨ ᠮᠤᠳᠦ ᠪᠠᠶᠢᠯ᠎ᠠ ᠬᠡᠳᠡᠭ᠃ ᠵᠢᠯᠳᠦ — ᠮᠠᠯ ᠤᠨᠤᠭ᠎ᠠ ᠤᠶᠠᠬᠤ ᠳᠤ ᠬᠡᠷᠡᠭᠯᠡᠭᠦ ᠱᠤᠩ ᠭᠠᠳᠠᠰᠦ ᠲᠠᠢ ᠵᠠᠯ᠎ᠠ ᠪᠠᠶᠢᠭᠰᠠᠨ ᠠᠴᠠ ᠵᠠᠯᠠᠳᠦ ᠪᠤᠯᠪᠠ᠃ ᠶᠠᠪᠠᠭᠠᠨ ᠳᠠᠭᠠᠨ ᠵᠢᠯᠳᠦ ᠪᠤᠯᠪᠠ᠃ ᠲᠠᠷᠳᠡᠩ — ᠰᠠᠷᠠᠭᠤᠯ ᠲᠠᠷᠳᠡᠩ ᠬᠡᠰᠡᠨ ᠦᠬᠡ᠃ ᠭᠤᠤᠳᠦ — ᠠᠶᠢᠯ ᠪᠤᠯᠵᠦ ᠰᠠᠭᠤᠭᠰᠠᠨ ᠡᠷᠦᠬᠡ ᠨᠢ ᠡᠯᠡᠰᠦ ᠶᠢ ᠮᠠᠯᠳᠠᠵᠦ ᠭᠤᠤ ᠭᠠᠷᠭᠠᠭᠠᠳ ᠲᠠᠷᠢᠶ᠎ᠠ ᠲᠠᠷᠢᠵᠦ ᠡᠬᠢᠯᠡᠭᠰᠡᠨ ᠠᠴᠠ ᠭᠤᠤᠳᠦ ᠬᠡᠰᠡᠨ ᠠᠶᠢᠯ ᠤᠨ ᠨᠠᠷ᠎ᠠ ᠪᠤᠢ ᠪᠤᠯᠪᠠ᠃ ᠠᠭᠤᠯᠠ — ᠠᠭᠤᠯᠠ ᠶᠢᠨ ᠪᠠᠷᠠᠭᠤᠨ ᠳᠤ ᠠᠶᠢᠯ ᠪᠤᠯᠵᠦ ᠰᠠᠭᠤᠭᠰᠠᠨ ᠠᠴᠠ ᠠᠭᠤᠯᠠ ᠶᠢᠨ ᠠᠶᠢᠯ ᠬᠡᠰᠡᠨ ᠨᠠᠷ᠎ᠠ ᠪᠤᠢ ᠪᠤᠯᠪᠠ᠃ ᠶᠠᠩᠰᠢᠪ — ᠤᠤᠯ ᠨᠠᠷ᠎ᠠ ᠨᠢ ᠶᠠᠩ ᠰᠢᠪᠡᠭᠡ ᠂ ᠢᠮᠠᠭᠠᠨ ᠰᠢᠪᠡᠭᠡ ᠬᠡᠰᠡᠨ ᠦᠬᠡ᠃ ᠴᠢᠩ ᠤᠯᠤᠰ ᠤᠨ ᠲᠤᠮᠳᠠᠴᠢ ᠪᠠᠷ ᠰᠢᠪᠡᠭᠡ ᠦᠨᠳᠦᠰᠦᠳᠠᠨ ᠢ ᠲᠤᠳᠤᠭᠰᠢ ᠰᠢᠯᠵᠢᠭᠦᠯᠭᠦ ᠳᠤ ᠢᠷᠡᠭᠰᠡᠨ ᠢᠮᠠᠭᠠᠴᠢᠨ ᠰᠢᠪᠡᠭᠡ ᠠᠳᠠ ᠠᠶᠢᠯ ᠪᠤᠯᠵᠦ ᠰᠠᠭᠤᠭᠰᠠᠨ ᠠᠴᠠ ᠶᠠᠩ ᠰᠢᠪᠡᠭᠡ ᠬᠡᠰᠡᠨ ᠠᠶᠢᠯ ᠲᠤᠰᠬᠤᠨ ᠤ ᠨᠠᠷ᠎ᠠ ᠪᠤᠢ ᠪᠤᠯᠪᠠ᠃ ᠶᠠᠪᠠᠭᠠᠨ ᠳᠠᠭᠠᠨ ᠶᠠᠩ ᠰᠢᠪᠡᠭᠡ ᠨᠢ ᠶᠠᠩᠰᠢᠪ ᠪᠤᠯᠵᠦ ᠬᠤᠪᠢᠷᠠᠪᠠ᠃ ᠡᠷᠬᠢ ᠶᠢᠨ ᠰᠢᠪᠡᠭᠡ — ᠡᠷᠬᠢ ᠲᠦᠰᠢᠵᠦ ᠰᠠᠭᠤᠭᠰᠠᠨ ᠰᠢᠪᠡᠭᠡ ᠦᠨᠳᠦᠰᠦᠳᠠᠨ ᠤ ᠡᠷᠦᠬᠡ ᠬᠡᠷ ᠪᠠᠶᠢᠭᠰᠠᠨ  ᠠᠴᠠ ᠡᠷᠬᠢ ᠶᠢᠨ ᠰᠢᠪᠡᠭᠡ ᠠᠶᠢᠯ ᠪᠤᠯᠵᠦ ᠤᠯᠠᠷᠢᠪᠠ᠃ ᠮᠠᠨᠵᠦ ᠶᠢᠨ ᠰᠢᠪᠡᠭᠡ — ᠮᠠᠨᠵᠦ ᠦᠰᠦᠭ ᠢᠶᠠᠷ ᠪᠢᠴᠢᠭᠰᠡᠨ ᠨᠡᠭᠦᠳᠡᠯ ᠪᠠᠭᠤᠳᠠᠯ ᠤᠨ ᠬᠡᠷᠡᠴᠢ ᠲᠡᠮᠳᠡᠭ ᠲᠠᠢ ᠰᠢᠪᠡᠭᠡ ᠦᠨᠳᠦᠰᠦᠳᠠᠨ ᠤ ᠡᠷᠦᠬᠡ ᠠᠶᠢᠯ ᠪᠤᠯᠵᠦ ᠰᠠᠭᠤᠭᠰᠠᠨ ᠠᠴᠠ ᠲᠤᠰ ᠨᠡᠷ᠎ᠡ ᠪᠤᠢ ᠪᠤᠯᠪᠠ᠃ ᠲᠠᠯ᠎ᠠ ᠶᠢᠨ ᠪᠠᠶᠢᠰᠢᠩ — ᠲᠠᠯ᠎ᠠ ᠳᠤ ᠬᠡᠷ ᠪᠠᠷᠢᠵᠦ ᠰᠠᠭᠤᠭᠰᠠᠨ ᠠᠴᠠ ᠲᠤᠰ ᠨᠡᠷ᠎ᠡ ᠡᠭᠦᠰᠪᠡ᠃ ᠶᠤᠸᠠᠨᠪᠤᠳᠦ — ᠶᠤᠸᠠᠨᠪᠤ ᠰᠢᠭ᠋ ᠲᠦᠷᠰᠦ ᠲᠠᠢ ᠠᠭᠤᠯᠠ ᠶᠢᠨ ᠲᠡᠷᠬᠡᠳᠡ ᠠᠶᠢᠯ ᠪᠤᠯᠵᠦ ᠰᠠᠭᠤᠭᠰᠠᠨ ᠠᠴᠠ ᠲᠤᠰ ᠨᠠᠷ᠎ᠠ ᠪᠤᠢ ᠪᠤᠯᠤᠭᠰᠠᠨ ᠪᠠᠶᠢᠨ᠎ᠠ᠃ ᠬᠤᠶᠢᠳᠦ ᠶᠤᠸᠠᠨᠪᠤᠳᠦ ᠨᠢ ᠰᠢᠷᠡᠬᠡᠳᠦ ᠭᠦᠷᠢᠶ᠎ᠡ ᠬᠤᠰᠢᠭᠤᠨ ᠳᠤ ᠬᠠᠷᠢᠶᠠᠯᠠᠭᠳᠠᠨ᠂ ᠡᠮᠦᠨ᠎ᠡ ᠶᠤᠸᠠᠨᠪᠤᠳᠦ ᠨᠢ ᠰᠢᠨ᠎ᠡ ᠰᠦᠷᠦᠭ ᠬᠤᠰᠢᠭᠤᠨ ᠳᠤ ᠬᠠᠷᠢᠶᠠᠯᠠᠭᠳᠠᠵᠦ ᠪᠠᠶᠢᠪᠠ᠃ ᠲᠤᠤᠷ᠎ᠠ ᠰᠢᠪᠡᠭᠡ — ᠤᠤᠯ ᠨᠡᠷ᠎ᠡ ᠨᠢ ᠰᠢᠪᠡᠬᠡᠳᠦ᠃ ᠠᠶᠢᠯ ᠪᠤᠯᠵᠦ ᠰᠠᠭᠤᠭᠰᠠᠨ ᠨᠢ ᠰᠢᠪᠡᠭᠡ ᠦᠨᠳᠦᠰᠦᠳᠠᠨ᠂ ᠤᠳᠦ ᠪᠤᠰᠤᠳ ᠰᠢᠪᠡᠭᠡ ᠠᠶᠢᠯ ᠠᠴᠠ ᠢᠯᠭᠠᠬᠤ ᠶᠢᠨ ᠲᠦᠯᠦᠬᠡ ᠲᠤᠤᠷ᠎ᠠ ᠰᠢᠪᠡᠭᠡ ᠬᠡᠵᠡᠢ᠃ ᠲᠠᠪᠤᠨ ᠬᠡᠷ — ᠠᠶᠢᠯ ᠪᠤᠯᠬᠤ ᠦᠶᠡᠰ ᠲᠠᠪᠤᠬᠠᠨ ᠬᠡᠷ ᠡᠷᠦᠬᠡ ᠲᠤᠯᠠ ᠲᠠᠪᠤᠨ ᠬᠡᠷ ᠬᠡᠵᠦ ᠲᠡᠮᠳᠡᠭᠯᠡᠪᠡ᠃ ᠴᠢᠯᠠᠭᠤᠨ ᠬᠤᠳᠳᠤᠭ — ᠴᠢᠯᠠᠭᠤ ᠪᠠᠷ ᠦᠷᠦᠭᠰᠡᠨ ᠬᠤᠳᠳᠤᠭ ᠲᠠᠢ ᠠᠶᠢᠯ ᠪᠤᠶᠦ ᠬᠤᠳᠳᠤᠭ ᠤᠨ ᠬᠢᠨᠢ ᠲᠡᠷᠬᠡᠳᠠ ᠴᠢᠯᠠᠭᠤᠨ ᠫᠠᠶᠢᠰᠠ ᠲᠠᠢ ᠠᠶᠢᠯ᠃ ᠬᠠᠳᠠᠭᠤ — ᠪᠦᠭᠦᠯᠢ ᠨᠠᠷ᠎ᠠ ᠨᠢ ᠬᠠᠳᠠᠭᠤ ᠤᠯᠤᠮ᠃ ᠭᠤᠤᠯ ᠬᠡᠳᠦᠯᠭᠦ ᠤᠯᠤᠮ ᠨᠨᠢ ᠬᠠᠳᠠᠭᠤ ᠤᠴᠢᠷ ᠠᠴᠠ ᠲᠤᠰ ᠭᠠᠵᠠᠷ ᠰᠠᠭᠤᠭᠰᠠᠨ ᠠᠶᠢᠯ ᠢ ᠬᠠᠳᠠᠭᠤ ᠤᠯᠤᠮ ᠬᠡᠵᠦ ᠨᠡᠷᠡᠯᠡᠪᠡ ᠃ ᠭᠦᠷᠢᠶᠡᠨ ᠭᠤᠤ — ᠭᠦᠷᠢᠶ᠎ᠡ ᠪᠠᠯᠭᠠᠰᠦ ᠶᠢᠨ ᠲᠤᠮᠳᠠᠭᠤᠷ ᠤᠷᠤᠰᠬᠤ ᠭᠤᠤᠯ ᠤᠨ ᠡᠷᠬᠢ ᠶᠢ ᠲᠠᠭᠠᠵᠦ ᠰᠠᠭᠤᠭᠰᠠᠨ ᠠᠶᠢᠯ᠃ ᠵᠤᠤᠬᠠᠴᠢᠨ — ᠰᠦᠮ᠎ᠡ ᠬᠡᠶᠢᠳ ᠢ ᠪᠠᠶᠢᠭᠤᠯᠬᠤ ᠳᠤ ᠢᠷᠡᠵᠦ᠂ ᠭᠠᠯ ᠲᠤᠭᠤᠭᠠᠨ ᠤ ᠠᠵᠢᠯ ᠬᠢᠭᠰᠡᠨ ᠠᠷᠠᠳ ᠴᠤᠭᠯᠠᠷᠠᠨ ᠰᠠᠭᠤᠭᠰᠠᠨ ᠠᠴᠠ ᠲᠤᠰ ᠨᠠᠷ᠎ᠠ ᠡᠭᠦᠰᠴᠠᠢ᠃ ᠨᠠᠷᠢᠠᠭᠤᠤᠯ — ᠨᠠᠷᠢᠨ ᠭᠤᠤᠯ ᠢ ᠲᠠᠭᠠᠵᠦ ᠰᠠᠭᠤᠭᠰᠠᠨ ᠠᠶᠢᠯ ᠲᠤᠰᠬᠤᠨ᠃ ᠨᠤᠬᠠᠢ ᠪᠠᠶᠢᠰᠢᠩ ︵ᠵᠡᠭᠦᠨ︶ — ᠠᠶᠢᠯ ᠪᠤᠯᠵᠦ ᠰᠠᠭᠤᠬᠤ ᠦᠶ᠎ᠡ ᠳᠤ ᠲᠤᠰ ᠠᠶᠢᠯ ᠤᠨ ᠬᠠᠷᠢᠶ᠎ᠠ ᠭᠠᠵᠠᠷ ᠬᠡᠬᠡᠷ᠎ᠡ ᠶᠢᠨ ᠨᠤᠬᠠᠢ ᠡᠭᠦᠷᠯᠡᠵᠦ ᠪᠠᠶᠢᠭᠰᠠᠨ ᠤᠴᠢᠷ ᠲᠠᠢ᠃ ᠡᠶᠢᠮᠦ ᠠᠴᠠ ᠨᠤᠬᠠᠢ ᠪᠠᠶᠢᠰᠢᠩ ᠬᠡᠰᠡᠨ ᠨᠡᠷ᠎ᠡ ᠲᠠᠢ ᠪᠤᠯᠪᠠ᠃ ᠴᠠᠭᠠᠨ ᠴᠢᠯᠠᠭᠤᠳᠠᠢ — ᠠᠶᠢᠯ ᠤᠨ ᠠᠷᠦ ᠳᠠᠬᠢ ᠴᠠᠭᠠᠨ ᠴᠢᠯᠠᠭᠤ ᠶᠢᠨ ᠠᠭᠤᠯᠠ ᠠᠴᠠ ᠢᠷᠡᠯᠳᠠᠢ᠃ ᠰᠦᠰᠦ — ᠠᠶᠢᠯ ᠤᠨ ᠵᠡᠭᠦᠨ ᠡᠮᠦᠨ᠎ᠡ ᠨᠢ ᠨᠢᠬᠡ ᠠᠪᠠᠭ᠎ᠠ ᠶᠢᠨ ᠠᠭᠤᠯᠠ ᠲᠠᠢ᠂ ᠠᠭᠤᠯᠠ ᠲᠡᠬᠡᠷ᠎ᠡ ᠨᠢ ᠮᠢᠩᠭᠠᠨ ᠤᠨ ᠤ ᠠᠭᠤᠢ ᠲᠠᠢ ᠪᠠᠶᠢᠳᠠᠭ᠃ ᠠᠭᠤᠢ ᠲᠤᠳᠤᠷ᠎ᠠ ᠨᠢ ᠨᠢᠬᠡ ᠯᠠᠮᠠ ᠤᠳᠠᠭᠠᠨ ᠵᠢᠯ ᠪᠢᠰᠢᠯᠭᠠᠯ ᠬᠢᠭᠰᠡᠨ  ᠠᠴᠠ ︽ᠰᠦᠰᠦ ᠲᠠᠢ ᠯᠠᠮᠠ︾ ᠬᠡᠮᠡᠨ ᠴᠤᠤ ᠭᠠᠷᠴᠦ ᠂ ᠯᠠᠮᠠ ᠶᠢᠨ ᠰᠠᠭᠤᠭᠰᠠᠨ ᠠᠶᠢᠯ ᠢ ᠰᠦᠰᠦ ᠬᠡᠮᠡᠨ ᠨᠡᠷᠡᠯᠡᠪᠡ ᠬᠡᠳᠡᠭ᠃ ᠭᠦᠨᠳᠠᠢ — ᠠᠶᠢᠯ ᠤᠨ ᠡᠮᠦᠨ᠎ᠡ ᠤᠷᠤᠰᠬᠤ ᠭᠦᠨᠳᠠᠢ ᠶᠢᠨ ᠭᠤᠤᠯ ᠨᠢ ᠡᠪᠤᠯ ᠭᠦᠯᠳᠡᠵᠦ᠂ ᠬᠠᠪᠤᠷ ᠬᠠᠶᠢᠯᠬᠤ ᠦᠶᠡᠰ ᠮᠦᠰᠦ ᠰᠢᠷᠤᠢ ᠶᠢᠨ ᠭᠦᠨᠳᠠᠢ ᠭᠠᠷᠴᠦ ᠨᠢᠬᠡᠨ ᠤᠨᠴᠠᠯᠢᠭ ᠪᠤᠯᠳᠠᠭ ᠪᠠᠶᠢᠪᠠ᠃ ᠡᠨᠡ ᠭᠦ ᠭᠦᠨᠳᠠᠢ ᠲᠠᠢ ᠭᠤᠤᠯ ᠢ ᠲᠠᠭᠠᠵᠦ ᠰᠠᠭᠤᠭᠰᠠᠨ ᠠᠶᠢᠯ ᠢ ᠭᠦᠨᠳᠠᠢ ᠶᠢᠨ ᠠᠶᠢᠯ ᠬᠡᠳᠡᠭ᠃ ᠫᠠᠶᠢᠯᠤᠷ — ᠰᠢᠷᠡᠬᠡᠳᠦ ᠭᠦᠷᠢᠶ᠎ᠡ ᠬᠤᠰᠢᠭᠤ ᠶᠢ ᠡᠬᠢᠯᠡᠨ ᠪᠠᠶᠢᠭᠤᠯᠬᠤ ᠦᠶᠡᠰ᠂ ᠠᠳᠠ ᠨᠢᠬᠡᠨ ᠲᠦᠪᠡᠳ ᠦᠰᠦᠭ ᠢᠶᠠᠷ ᠪᠢᠴᠢᠭᠰᠡᠨ ᠵᠠᠬ᠎ᠠ ᠬᠢᠵᠠᠭᠠᠷ ᠤᠨ ᠪᠠᠶᠢᠷᠢᠰᠢᠯ ᠢ ᠢᠯᠡᠳᠬᠡᠭᠦ ᠲᠤᠮᠤ ᠴᠢᠯᠠᠭᠤᠨ ᠫᠠᠶᠢᠰᠠ ᠪᠤᠰᠬᠠᠯ᠎ᠠ ᠬᠡᠳᠡᠭ᠂ ᠠᠶᠢᠯ ᠤᠨ ᠨᠡᠷ᠎ᠡ ᠨᠢ ᠡᠭᠦᠨ ᠠᠴᠠ ᠢᠷᠡᠯᠳᠠᠢ᠃ ᠲᠦᠩᠰᠢ — ᠤᠷᠴᠢᠭᠤᠯᠤᠭᠴᠢ ᠬᠡᠰᠡᠨ ᠲᠦᠪᠡᠳ ᠦᠬᠡ ᠬᠡᠨ᠎ᠡ᠃ ᠮᠠᠯᠴᠢᠨ — ᠮᠠᠯ ᠬᠠᠷᠢᠭᠤᠯᠵᠦ ᠪᠠᠶᠢᠭᠰᠠᠨ ᠭᠦᠮᠦᠨ ᠠᠶᠢᠯ ᠪᠤᠯᠵᠦ ᠰᠠᠭᠤᠭᠰᠠᠨ ᠠᠴᠠ ᠮᠠᠯᠴᠢᠨ ᠠᠶᠢᠯ ᠪᠤᠯᠪᠠ᠃ ᠬᠡᠰᠭᠦᠢ — ᠬᠡᠰᠭᠦᠢ ᠴᠤᠯᠠ ᠲᠠᠢ ᠯᠠᠮᠠ ᠰᠠᠭᠤᠭᠰᠠᠨ ᠠᠴᠠ ᠬᠡᠰᠭᠦᠢ ᠶᠢᠨ ᠠᠶᠢᠯ ᠪᠤᠢ ᠪᠤᠯᠪᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号