ᠪᠦᠬᠡ ᠶᠢᠨ ᠪᠦᠵᠢᠭ ᠤᠨ ᠡᠳ᠋ ᠬᠡᠷᠡᠭᠰᠡᠯ
ᠨᠡᠶᠢᠲᠡᠯᠡᠭᠰᠡᠨ ᠴᠠᠭ᠄
2024/4/17
   1. ᠭᠦᠷᠡᠯ ᠲᠤᠯᠢ — ᠭᠦᠷᠢᠶ᠎ᠡ ᠪᠦᠬᠡ ᠶᠢᠨ ᠬᠡᠷᠡᠭᠯᠡᠳᠡᠭ ᠡᠳ᠋ ᠬᠡᠷᠡᠭᠰᠡᠯ ᠤᠨ ᠲᠤᠳᠤᠷ᠎ᠠ ᠬᠠᠮᠤᠭ ᠤᠨ ᠴᠢᠬᠤᠯᠠ ᠨᠢ ᠭᠦᠷᠠᠯ ᠲᠤᠯᠢ ᠪᠤᠯᠤᠨ᠎ᠠ᠃ ᠲᠡᠷᠡ ᠨᠢ ᠶᠢᠰᠦ᠂ ᠠᠷᠪᠠᠨ ᠨᠢᠬᠡ᠂ ᠠᠷᠪᠠᠨ ᠭᠤᠷᠪᠠ᠂ ᠠᠷᠪᠠᠨ ᠨᠠᠢᠮᠠ ᠵᠡᠷᠬᠡ ᠠᠳᠠᠯᠢ ᠪᠤᠰᠤ ᠲᠤᠭ᠎ᠠ ᠲᠠᠢ ᠠᠳᠠᠯᠢ ᠪᠤᠰᠤ ᠬᠡᠮᠵᠢᠶ᠎ᠡ ᠲᠠᠢ ᠭᠦᠷᠡᠯ ᠢᠶᠠᠷ ᠬᠢᠭᠰᠡᠨ ᠲᠤᠯᠢ ᠶᠢ ᠰᠤᠷ ᠢᠶᠠᠷ ᠬᠤᠯᠪᠤᠵᠦ᠂ 10 ᠰᠠᠨᠲ᠋ᠢᠮᠧᠳ᠋ᠷ ᠦᠷᠬᠡᠨ ᠡᠯᠳᠡᠵᠦ ᠪᠤᠯᠪᠠᠰᠤᠷᠠᠭᠤᠯᠤᠭᠰᠠᠨ ᠠᠷᠠᠰᠤᠨ ᠲᠡᠬᠡᠷ᠎ᠡ ᠲᠡᠪᠢᠰᠬᠡᠷᠯᠡᠵᠦ ᠤᠶᠠᠭᠠᠳ ᠠᠯᠠᠭ ᠲᠠᠪᠠᠯ ᠤᠨ ᠬᠤᠷᠮᠤᠢ ᠶᠢ ᠲᠠᠷᠤᠵᠦ ᠪᠦᠰᠡᠯᠡᠳᠡᠭ᠃ ᠭᠦᠷᠡᠯ ᠲᠤᠯᠢ ᠶᠢᠨ ᠨᠢᠬᠡ ᠲᠠᠯ᠎ᠠ ᠨᠢ ᠵᠢᠰᠦ ᠦᠵᠡᠭᠳᠡᠮ᠎ᠡ ᠭᠦᠯᠢᠬᠡᠷ᠂ ᠨᠦᠭᠦᠬᠡ ᠲᠠᠯ᠎ᠠ ᠨᠢ ᠲᠡᠭ ᠲᠤᠮᠳᠠ ᠪᠠᠨ ᠰᠠᠨᠵᠢ ᠲᠠᠢ᠂ ᠰᠠᠨᠵᠢ ᠶᠢ ᠨᠢ ᠲᠤᠭᠤᠷᠢᠭᠠᠳ ᠠᠷᠪᠠᠨ ᠬᠤᠶᠠᠷ ᠵᠢᠯ ᠤᠨ ᠵᠢᠷᠤᠭ ᠲᠦᠷᠰᠦ ᠪᠠ ᠤᠯᠠᠨ ᠤᠩᠭᠤᠳ ᠰᠢᠳᠦᠬᠡᠨ ᠤ ᠵᠢᠷᠤᠭ ᠲᠦᠷᠰᠦ ᠪᠠ ᠲᠠᠨᠢᠵᠦ ᠮᠡᠳᠡᠭᠦ ᠦᠬᠡᠢ ᠲᠠᠷᠨᠢ ᠶᠢᠨ ᠦᠰᠦᠭ ᠲᠠᠢ ᠪᠠᠶᠢᠳᠠᠭ᠃ 2. ᠬᠡᠩᠬᠡᠷᠬᠡ — ᠭᠦᠷᠢᠶ᠎ᠡ ᠪᠦᠬᠡ ᠶᠢᠨ ᠬᠡᠩᠬᠡᠷᠬᠡ ᠨᠢ ᠨᠢᠮᠬᠡᠬᠡᠨ ᠰᠢᠭ ᠲᠠᠮᠤᠷ ᠢᠶᠠᠷ ᠪᠠᠷᠤᠭ 40 ᠰᠡᠨᠲ᠋ᠢᠮᠧᠳ᠋ᠷ ᠳ᠋ᠢᠶᠠᠮᠧᠳ᠋ᠷ ᠢᠶᠠᠷ ᠴᠠᠭᠠᠷᠢᠭᠯᠠᠵᠦ ᠬᠢᠭᠰᠡᠨ ᠪᠠᠷᠢᠭᠤᠯ ᠲᠠᠢ᠂ ᠪᠠᠷᠢᠭᠤᠯ ᠤᠨ ᠨᠦᠭᠦᠬᠡ ᠦᠵᠦᠭᠦᠷ ᠲᠤᠨᠢ ᠭᠤᠷᠪᠠᠨ ᠵᠢᠵᠢᠭ ᠴᠠᠭᠠᠷᠢᠭ ᠲᠠᠢ᠂ ᠴᠠᠭᠠᠷᠢᠭ ᠪᠦᠷᠢ ᠭᠤᠷᠪᠠᠨ ᠵᠢᠵᠢᠭ ᠭᠠᠷᠠᠬ᠎ᠠ ᠲᠠᠢ ᠪᠠᠶᠢᠳᠠᠭ᠃ ᠬᠡᠩᠬᠡᠷᠬᠡ ᠶᠢᠨ ᠪᠦᠷᠢᠶᠡᠰᠦ ᠨᠢ ᠤᠯᠠᠩᠬᠢ ᠨᠢ ᠢᠮᠠᠭᠠᠨ ᠠᠷᠠᠰᠦ ᠪᠠᠶᠢᠵᠦ᠂ ᠬᠠᠶᠠ ᠪᠠᠰᠠ ᠡᠯᠵᠢᠬᠡᠨ ᠠᠷᠠᠰᠦ ᠪᠠᠷ ᠪᠦᠷᠢᠳᠡᠭ ᠴᠦ ᠪᠠᠶᠢᠨ᠎ᠠ᠃ 3. ᠵᠠᠰᠢᠭᠤᠷ — ᠵᠠᠰᠠᠭᠤᠷ ᠬᠡᠳᠡᠭ ᠨᠢ ᠦᠨᠡᠨ ᠳᠡᠭᠡᠨ ᠬᠡᠩᠬᠡᠷᠬᠡ ᠴᠤᠬᠢᠬᠤ ᠵᠡᠪᠰᠡᠭ ᠮᠦᠨ᠃ ᠲᠡᠷᠡ ᠨᠢ ᠮᠤᠳᠦ ᠪᠤᠶᠦ ᠬᠤᠯᠤᠰᠦ ᠶᠢ ᠠᠷᠠᠰᠦ ᠪᠠ ᠪᠦᠰ ᠢᠶᠠᠷ ᠪᠠᠬᠢᠯᠡᠨ ᠤᠷᠢᠶᠠᠵᠦ᠂ ᠲᠤᠤᠷ᠎ᠠ ᠦᠵᠦᠭᠦᠷ ᠲᠤᠨᠢ ᠲᠠᠪᠤᠨ ᠦᠩᠬᠡ ᠶᠢᠨ ᠲᠤᠷᠭᠠᠨ ᠤᠨᠵᠢᠯᠭ᠎ᠠ ᠤᠶᠠᠵᠦ ᠵᠤᠭᠤᠭᠤᠭᠰᠠᠨ ᠬᠡᠩᠬᠡᠷᠬᠡ ᠲᠡᠯᠡᠳᠭᠦ ᠪᠠᠭᠠᠵᠢ ᠪᠤᠯᠤᠨ᠎ᠠ᠃ ᠵᠠᠩᠰᠢᠯ ᠢᠶᠠᠷ ᠪᠠᠰᠠ ᠲᠤᠬᠢᠭᠤᠷ ᠬᠡᠳᠡᠭ ᠶᠤᠮ᠃ ᠡᠨᠡ ᠭᠤᠷᠪᠠᠨ ᠴᠢᠬᠤᠯᠠ ᠡᠳ᠋ ᠬᠡᠷᠡᠭᠰᠡᠯ ᠠᠴᠠ ᠭᠠᠳᠠᠨ᠎ᠠ ᠪᠠᠰᠠ ᠤᠩᠭᠤᠳ᠂ ᠵᠢᠳᠠ᠂ ᠰᠠᠯᠠᠮ᠎ᠠ᠂ ᠴᠠᠩ᠂ ᠬᠤᠩᠬᠤᠳᠦ ᠲᠠᠰᠢᠭᠤᠷ ᠵᠡᠷᠬᠡ ᠬᠡᠷᠡᠭᠯᠡᠯ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号