ᠦᠨᠢᠶᠠᠨ ᠰᠦᠨ
ᠨᠡᠶᠢᠲᠡᠯᠡᠭᠰᠡᠨ ᠴᠠᠭ᠄
2024/4/17
  ᠴᠠᠭᠠᠨ ᠢᠳᠡᠬᠡᠨ ᠲᠤᠳᠤᠷ᠎ᠠ᠂ ᠦᠨᠢᠶᠡᠨ ᠰᠦᠨ ᠪᠤᠯᠪᠠᠰᠤ ᠰᠢᠮ᠎ᠡ ᠲᠡᠭᠦᠰ᠂ ᠠᠮᠳᠠ ᠲᠡᠭᠦᠯᠳᠡᠷ ᠪᠤᠯᠠᠢ᠃ ᠦᠨᠢᠶᠡᠨ ᠤ ᠰᠦᠨ ᠪᠤᠯᠪᠠᠰᠤ ᠭᠠᠷᠤᠯᠳᠠ ᠪᠠᠷ ᠬᠠᠮᠤᠭ ᠤᠨ ᠠᠷᠪᠢᠨ᠂ ᠬᠡᠷᠡᠭᠴᠡᠭᠡ ᠪᠠᠷ ᠬᠠᠮᠤᠭ ᠤᠨ ᠶᠡᠭᠡ ᠪᠦᠬᠡᠳ ᠴᠠᠭᠠᠨ ᠢᠳᠡᠬᠡᠨ ᠪᠤᠯᠪᠠᠰᠤᠷᠠᠭᠤᠯᠬᠤ ᠶᠢᠨ ᠭᠤᠤᠯ ᠲᠦᠭᠦᠬᠡᠢ ᠡᠳ᠋ ᠪᠤᠯᠬᠤ ᠦᠶ᠎ᠡ᠂ ᠮᠠᠨ ᠤ ᠤᠷᠤᠨ ᠤ ᠡᠯ᠎ᠡ ᠠᠶᠢᠮᠠᠭ ᠬᠤᠰᠢᠭᠤᠨ ᠤ ᠮᠠᠯᠴᠢᠳ ᠴᠦᠮ ᠦᠨᠢᠶᠡᠨ ᠤ ᠰᠦᠨ ᠢ ᠡᠷᠬᠢᠮᠯᠡᠨ ᠰᠠᠭᠠᠵᠦ᠂ ᠲᠡᠭᠦᠨ ᠢᠶᠠᠷ ᠬᠤᠷᠤᠳ᠂ ᠰᠢᠷ᠎ᠠ ᠲᠤᠰᠤ᠂ ᠠᠭᠠᠷᠤᠤᠯ᠂ ᠡᠬᠡᠵᠡᠬᠡᠢ᠂ ᠴᠠᠭᠠᠨ ᠲᠤᠰᠤ᠂ ᠵᠤᠬᠡᠬᠡᠢ᠂ ᠦᠷᠦᠮ᠎ᠡ᠂ ᠪᠢᠰᠢᠯᠠᠭ᠂ ᠴᠦᠴᠦᠬᠡᠢ᠂ ᠰᠦᠨ ᠲᠠᠯᠬ᠎ᠠ ᠵᠡᠷᠬᠡ ᠶᠢ ᠪᠤᠯᠪᠠᠰᠤᠷᠠᠭᠤᠯᠤᠨ ᠠᠪᠳᠠᠭ ᠪᠦᠬᠡᠳ ᠠᠶᠢᠷᠠᠭ ᠪᠤᠭᠰᠢᠭᠠᠨ ᠴᠠᠭ᠎ᠠ ᠪᠤᠴᠠᠯᠭᠠᠵᠦ᠂ ᠰᠠᠭᠠᠯᠢ  ᠶᠢᠨ ᠠᠷᠢᠬᠢ ᠰᠠᠷᠬᠤᠳ ᠤᠨ ᠲᠡᠬᠡᠵᠢ ᠶᠢ ᠨᠠᠷᠠᠳᠡᠭ ᠪᠦᠯᠦᠬᠡ᠃ ᠡᠷᠳᠡᠨ ᠠᠴᠠ ᠡᠳᠦᠬᠡ ᠭᠦᠷᠳᠡᠯ᠎ᠡ ᠮᠠᠨᠠᠶᠢᠬᠢᠨ ᠦᠨᠢᠶᠡᠨ ᠰᠦᠨ ᠢ ᠠᠮᠳᠠᠳᠠᠢ ᠪᠦᠬᠡᠳ ᠰᠡᠷᠢᠭᠦᠨ ᠴᠢᠨᠠᠷᠳᠠᠢ ᠬᠡᠮᠡᠨ ᠦᠨᠡᠯᠡᠭᠰᠡᠬᠡᠷ ᠢᠷᠡᠭᠰᠡᠨ ᠪᠦᠯᠦᠬᠡ᠂ ᠡᠶᠢᠨ ᠭᠦ ᠰᠠᠶ᠋ᠢᠬᠠᠨ ᠰᠠᠭᠠᠭᠰᠠᠨ ᠬᠠᠯᠠᠭᠤᠨ ᠰᠦᠨ ᠪᠤᠶᠦ ᠡᠰᠡᠭᠦᠯ᠎ᠡ ᠵᠦᠬᠡᠯᠡᠨ ᠭᠠᠯ ᠲᠡᠬᠡᠷ᠎ᠡ ᠭᠦᠬᠡᠷᠦᠭᠦᠯᠦᠭᠰᠡᠨ ᠰᠦᠨ ᠢ ᠤᠤᠭᠤᠪᠠᠰᠦ ᠰᠢᠩᠬᠡᠬᠡᠯᠳᠠ ᠶᠢ ᠰᠠᠶᠢᠵᠢᠷᠠᠭᠤᠯᠤᠨ᠂ ᠬᠡᠢ ᠬᠤ᠋ ᠶᠢ ᠲᠠᠷᠤᠵᠦ᠂ ᠴᠢᠰᠦᠨ ᠳᠤᠷ ᠲᠤᠰᠠᠯᠠᠨ᠂ ᠲᠠᠮᠢᠷ ᠰᠦᠯᠳᠠ ᠶᠢ ᠨᠡᠮᠡᠭᠳᠡᠭᠦᠯᠭᠦ ᠪᠦᠬᠡᠳ ᠰᠠᠪᠠ ᠴᠤᠯᠤ ᠶᠢᠨ ᠬᠠᠯᠠᠭᠤᠨ  ᠠᠴᠠ ᠲᠠᠶᠢᠯᠬᠤ ᠴᠢᠳᠠᠯᠳᠠᠢ ᠬᠡᠮᠡᠨ ᠡᠷᠬᠢᠮᠨᠡᠳᠡᠭ ᠪᠦᠯᠦᠬᠡ᠃ ᠡᠨᠡ ᠲᠤᠬᠠᠢ ᠶᠤᠸᠠᠨ ᠤᠯᠤᠰ ᠤᠨ ︽ᠢᠳᠡᠬᠡᠨ ᠤᠮᠳᠠᠭᠠᠨ ᠤ ᠵᠢᠩᠬᠢᠨᠢ ᠲᠤᠪᠴᠢ︾᠎ ᠳᠤᠷ ︽ᠦᠨᠢᠶᠡᠨ ᠰᠦᠨ ᠢ ᠰᠢᠷᠭᠤᠯᠵᠠᠭᠠᠨ᠎ᠠ ︵ᠪᠢᠪᠢᠯᠢᠩ︶᠎ ᠶᠢᠨ ᠬᠠᠮᠳᠦ ᠴᠢᠨᠠᠵᠦ ᠤᠤᠭᠤᠪᠠᠰᠦ ᠶᠤᠯᠬᠤᠳᠠᠰᠦ ᠡᠪᠡᠳᠴᠢᠨ ᠳᠤᠷ ᠨᠡᠷᠪᠡᠭᠳᠡᠭᠰᠡᠳ ᠢ ᠲᠦᠷᠬᠡᠨ ᠡᠳᠡᠬᠡᠷᠡᠭᠦᠯᠵᠦ ᠴᠢᠳᠠᠮᠤᠢ︾ ᠬᠡᠮᠡᠨ ᠲᠡᠮᠳᠡᠭᠯᠡᠭᠰᠡᠨ ᠴᠦ ᠪᠤᠢ᠃ ᠵᠠᠷᠢᠮ ᠡᠷᠳᠡᠮᠳᠡᠳ ᠦᠨᠢᠶᠡᠨ ᠰᠦᠨ ᠢ ᠸᠢᠲ᠋ᠠᠮᠢᠨ B2 ᠬᠢᠬᠡᠳ ᠸᠢᠲ᠋ᠠᠮᠢᠨ A᠎ ᠶᠢᠨ ᠡᠬᠢ ᠰᠤᠷᠪᠤᠯᠵᠢ ᠬᠡᠮᠡᠨ ᠦᠨᠡᠯᠡᠵᠤᠭᠦᠢ᠃ ᠡᠶᠢᠨ ᠭᠦ᠋ ᠦᠨᠢᠶᠡᠨ ᠰᠦ ᠶᠢ ᠨᠢᠯᠬ᠎ᠠ ᠬᠡᠤᠬᠡᠳ ᠤᠨ ᠤᠶᠤᠨ ᠲᠠᠷᠢᠬᠢᠨ ᠤ ᠪᠤᠶᠢᠵᠢᠯᠳᠠ ᠳᠤᠷ ᠴᠢᠬᠤᠯᠠ ᠦᠢᠯᠡᠳᠦᠯ ᠦᠵᠡᠭᠦᠯᠭᠦ ᠮᠦᠷᠳᠡᠬᠡᠨ ᠬᠡᠤᠬᠡᠳ ᠤᠨ ᠶᠠᠰᠤ ᠵᠦᠬᠡᠯᠡᠷᠡᠭᠦ ᠡᠪᠡᠳᠴᠢᠨ ᠢ ᠴᠦ ᠰᠡᠷᠬᠡᠶᠢᠯᠡᠵᠦ ᠴᠢᠳᠠᠨ᠎ᠠ ᠬᠡᠮᠡᠵᠤᠭᠦᠢ᠃ ᠡᠨᠡ ᠢᠨᠦ ᠦᠨᠢᠶᠡᠨ ᠰᠦᠨ ᠳᠤᠷ ᠰᠢᠮ᠎ᠡ ᠲᠡᠵᠢᠬᠡᠯᠳᠦ ᠪᠤᠳᠠᠰ ᠤᠨ ᠡᠯᠪᠡᠭ ᠠᠭᠤᠯᠤᠭᠳᠠᠵᠦ ᠪᠠᠶᠢᠬᠤ ᠶᠢᠨ ᠬᠡᠷᠡᠴᠢ ᠪᠤᠯᠠᠢ᠃ ᠮᠠᠨ ᠤ ᠮᠤᠩᠭᠤᠯᠴᠤᠳ ᠤᠨ ᠰᠠᠭᠠᠯᠢ ᠶᠢᠨ ᠦᠨᠢᠶ᠎ᠡ ᠪᠤᠯᠪᠠᠰᠤ ᠪᠠᠰᠠ ᠨᠢᠬᠡᠨ ᠭᠦᠬᠡᠷᠦᠭᠦᠢ ᠠᠮᠢᠳᠠᠨ ᠠᠵᠤᠭᠤ᠃ ᠲᠡᠭᠦᠨ᠎ᠡ ᠭᠦᠮᠦᠨ ᠤ ᠮᠠᠳᠠᠯ ᠭᠦᠨᠳᠦ ᠬᠠᠶᠢᠷᠠᠩ ᠪᠠᠶᠢᠬᠤᠢ ᠶᠢᠨ ᠲᠤᠯᠠ ᠡᠵᠡᠨ ᠢᠶᠠᠨ ᠲᠠᠭᠤᠨ ᠢᠶᠠᠷ ᠲᠠᠨᠢᠵᠦ᠂ ᠦᠨᠦᠷ ᠎ ᠢᠶᠠᠷ ᠮᠡᠳᠡᠮᠤᠢ᠃ ᠡᠵᠡᠨ ᠳᠤᠷ ᠡᠬᠡᠨᠡᠭ᠂ ᠬᠤᠳᠠᠨ ᠳᠤᠷ ᠬᠤᠷᠭᠤ ᠠᠨᠤ ᠰᠠᠭᠠᠯᠢ ᠶᠢᠨ ᠦᠨᠢᠶᠡᠨ ᠤ ᠵᠠᠩ ᠪᠤᠯᠬᠤᠢ ᠪᠠ ᠲᠡᠷᠡ ᠪᠠᠷ ᠰᠠᠭᠠᠮᠰᠢᠷᠠᠬᠤ ᠦᠶ᠎ᠡ ᠳᠤᠷ ᠬᠤᠳᠠᠨ᠎ᠠ ᠪᠤᠴᠠᠬᠤ ᠶᠢ ᠵᠦᠩᠬᠡᠷ ᠱᠠᠭᠠᠷᠳᠠᠵᠦ᠂ ᠲᠤᠯᠤᠭᠠᠢ ᠬᠠᠶᠠᠯᠤᠨ ᠱᠤᠳᠤᠷᠤᠨ ᠱᠤᠳᠤᠷᠤᠨ ᠶᠠᠪᠤᠵᠦ᠂ ᠬᠠᠶᠠ ᠮᠦᠬᠡᠷᠡᠨ᠂ ᠬᠠᠶᠠ ᠭᠦᠭᠦᠳᠤᠨᠠᠨ ᠶᠠᠪᠤᠭᠰᠠᠭᠠᠷ ᠬᠤᠳᠠᠨ ᠳᠠᠭᠠᠨ ᠢᠷᠡᠵᠦ ᠰᠠᠭᠠᠯᠠᠩ ᠳᠤᠷ ᠵᠤᠭᠰᠤᠨ᠂ ᠲᠤᠭᠤᠯ ᠦᠬᠡᠳᠠ ᠨᠢᠬᠡᠨᠳᠠ ᠮᠦᠬᠡᠷᠡᠨ᠂ ᠬᠡᠷ ᠦᠬᠡᠳᠠ ᠨᠢᠬᠡᠨᠳᠠ ᠬᠠᠷᠠᠵᠦ᠂ ᠡᠶᠢᠨ ᠭᠦ ᠭᠦᠯᠢᠴᠡᠨ ᠠᠬᠤ ᠪᠤᠯᠠᠢ᠃ ᠦᠨᠢᠶ᠎ᠡ ᠶᠢ ᠰᠠᠭᠠᠬᠤᠢ ᠳᠠᠭᠠᠨ ᠤᠷᠢᠳᠡᠪᠡᠷ ᠲᠤᠭᠤᠯ ᠢ ᠠᠨᠤ ᠦᠨᠦᠷᠳᠦᠭᠦᠯᠦᠨ ᠭᠦᠭᠦᠭᠦᠯᠵᠦ ᠢᠪᠡᠯᠬᠡᠭᠰᠡᠨ ᠤ ᠲᠠᠷᠠᠭ᠎ᠠ ᠰᠠᠭᠠᠳᠠᠭ ᠪᠤᠯᠠᠢ᠃ ᠮᠤᠩᠭᠤᠯ ᠪᠦᠰᠡᠭᠦ᠋ᠢᠴᠤᠳ ᠦᠨᠢᠶ᠎ᠡ ᠰᠠᠭᠠᠬᠤᠢ ᠳᠠᠭᠠᠨ ᠶᠡᠬᠡᠳᠠ ᠪᠤᠯᠭᠤᠮᠵᠢᠳᠠᠢ ᠤᠷᠤᠯᠳᠤᠳᠠᠭ ᠪᠦᠬᠡᠳ ᠰᠠᠶ᠋ᠢᠬᠠᠨ ᠲᠤᠭᠤᠯᠯᠠᠭᠰᠠᠨ ᠤᠷᠤᠭ᠎ᠠ ᠭᠤᠤᠠᠵᠢ ᠶᠢ ᠰᠠᠭᠠᠬᠤᠢ ᠳᠠᠭᠠᠨ ᠭᠤᠶᠠᠳᠠᠵᠦ ᠴᠤᠬᠢᠵᠦ ᠰᠤᠷᠭᠠᠳᠠᠭ ᠦᠬᠡᠢ᠃ ᠬᠠᠷᠢᠨ ᠨᠠᠮᠬᠠᠨ ᠲᠦᠯᠬᠡᠨ ᠢᠶᠠᠷ ᠲᠤᠭᠤᠯ ᠢ ᠠᠨᠤ ᠭᠦᠭᠦᠭᠦᠯᠵᠦ᠂ ᠭᠦᠵᠦᠭᠦᠦ ᠰᠡᠬᠡᠷ ᠲᠠᠰᠢᠶ᠎ᠠ ᠴᠢᠪᠢ ᠶᠢ ᠠᠨᠤ ᠮᠠᠭᠠᠵᠢᠵᠵᠦ᠂ ᠲᠠᠭᠠᠯᠠᠮᠵᠢᠳᠠᠶᠢᠬᠠᠨ ᠬᠡᠪᠢᠭᠦ ᠶᠢ ᠠᠰᠢᠭᠯᠠᠨ ᠲᠡᠯᠡᠩ ᠢ ᠢᠨᠦ ᠪᠤᠴᠠᠯᠦᠩ ᠤᠰᠤ ᠪᠠᠷ ᠤᠬᠢᠶᠠᠨ ᠴᠡᠪᠡᠷᠯᠡᠵᠦ᠂ ᠨᠠᠷᠠᠨ ᠳᠤᠷ ᠡᠬᠡᠬᠡᠨ ᠬᠠᠳᠠᠭᠠᠭᠰᠠᠨ ᠰᠠᠭᠤᠯᠠᠭ᠎ᠠ ᠶᠤᠭᠠᠨ ᠠᠪᠴᠦ ᠵᠦᠪᠳᠡᠢ ᠲᠠᠯ᠎ᠠ ᠳᠤᠨᠢ ᠴᠤᠮᠴᠦ᠋ᠢᠨ ᠰᠠᠭᠤᠵᠦ ᠰᠠᠭᠠᠳᠠᠭ ᠪᠦᠯᠦᠬᠡ᠃ ᠦᠨᠢᠶ᠎ᠡ᠂ ᠢᠯᠠᠠᠭ᠎ᠠ ᠪᠠᠳᠠᠭᠠᠨ᠎ᠠ ᠳᠤᠷ ᠬᠠᠵᠠᠭᠳᠠᠭᠠᠳ ᠲᠡᠪᠡᠬᠡᠨᠡᠭᠦ ᠳᠡᠭᠡᠨ ᠤᠯᠠᠮ ᠢᠶᠠᠷ ᠠᠭᠤᠷᠯᠠᠨ ᠴᠡᠩᠬᠡᠶᠢᠵᠦ ᠰᠦᠨ ᠦᠯᠦ ᠭᠠᠷᠬᠤ ᠠᠴᠠ ᠰᠡᠷᠬᠡᠶᠢᠯᠡᠵᠦ᠂ ᠵᠤᠳᠤᠵᠦ ᠴᠤᠬᠢᠬᠤ ᠶᠢ ᠴᠡᠬᠡᠷᠯᠡᠳᠡᠭ ᠠᠵᠤᠭᠤ᠃ ᠮᠠᠯᠴᠢᠨ ᠤᠷᠤᠨ᠎ᠠ ᠮᠠᠯ ᠰᠦᠷᠦᠭ ᠵᠤᠵᠠᠭᠠᠨ ᠲᠤᠯᠠ ᠲᠦᠯᠯᠡᠭᠦ ᠬᠤᠭᠤᠴᠠᠭᠠᠨ᠎ᠠ ᠵᠠᠷᠢᠮ ᠠᠨᠤ ᠬᠡᠬᠡᠷ᠎ᠡ ᠭᠠᠳᠠᠨ᠎ᠠ ᠲᠤᠭᠤᠯᠯᠠᠵᠦ᠂ ᠲᠤᠭᠤᠯ ᠢᠶᠠᠨ ᠭᠤᠯᠤᠬᠤ ᠦᠵᠡᠭᠳᠡᠯ ᠴᠦ ᠭᠠᠷᠳᠠᠭ ᠪᠤᠯᠠᠢ᠃ ᠡᠨᠡ ᠦᠶ᠎ᠡ ᠳᠤᠷ ᠮᠠᠯᠴᠢᠨ ᠪᠦᠰᠡᠭᠦ᠋ᠢᠴᠤᠳ ︽ᠭᠦᠭ︕ ᠭᠦᠭ︕︾ ᠬᠡᠮᠡᠨ ᠤᠷᠳᠤᠬᠠᠨ ᠠᠶᠠᠰ ᠲᠠᠢ ᠤᠶᠠᠷᠠᠭᠤᠨ ᠲᠠᠭᠤᠨ ᠢ ᠲᠠᠭᠤᠯᠠᠵᠦ᠂ ᠡᠬᠡ ᠶᠢᠨ ᠬᠡᠪᠡᠯᠢ ᠶᠢᠨ ᠰᠠᠯᠢᠰᠦ ᠳᠤᠷ ᠲᠠᠪᠤᠰᠦ ᠬᠠᠴᠠᠷᠯᠠᠵᠦ ᠲᠤᠭᠤᠯ ᠤᠨ ᠪᠦᠭᠰᠡᠨ ᠲᠡᠬᠡᠷ᠎ᠡ ᠲᠦᠷᠬᠢᠨ ᠰᠢᠨᠡᠬᠡᠨ ᠲᠦᠷᠦᠭᠰᠡᠨ ᠬᠡᠮᠡᠭᠦ ᠰᠡᠷᠡᠭᠳᠡᠯ ᠢ ᠡᠬᠡ ᠳᠤᠨᠢ ᠦᠭᠴᠦ ᠲᠤᠭᠤᠯ ᠢ ᠠᠨᠤ ᠠᠪᠬᠠᠭᠤᠯᠳᠠᠭ ᠠᠵᠠᠢ᠃ ᠮᠠᠨ ᠤ ᠤᠷᠤᠨ ᠤ ᠤᠯᠠᠩᠬᠢ ᠭᠠᠵᠠᠷ ᠦᠨᠢᠶ᠎ᠡ ᠶᠢ ᠵᠢᠯ ᠤᠨ ᠲᠦᠷᠪᠡᠨ ᠤᠯᠠᠷᠢᠯ ᠳᠤᠷ ᠴᠦᠮ ᠰᠠᠭᠠᠳᠠᠭ ᠪᠦᠯᠦᠬᠡ᠃ ᠬᠠᠪᠤᠷ ᠡᠪᠤᠯ ᠤᠨ ᠤᠯᠠᠷᠢᠯ ᠳᠤᠷ ᠭᠤᠤᠯᠳᠠᠭᠤ ᠴᠠᠢ ᠨᠠᠶᠢᠯᠡᠭᠦᠯᠭᠦ᠂ ᠠᠶᠢᠷᠠᠭ ᠲᠡᠵᠢᠬᠡᠭᠦ᠂ ᠬᠡᠤᠬᠡᠳ ᠨᠠᠰᠤᠳᠠᠨ ᠳᠤᠷ ᠲᠡᠵᠢᠬᠡᠯ ᠦᠭᠭᠦ ᠶᠢᠨ ᠲᠦᠯᠦᠬᠡ ᠦᠷᠯᠦᠬᠡ ᠦᠳᠡᠰᠢ ᠨᠢᠬᠡ ᠪᠠᠭᠠᠬᠠᠨ ᠰᠠᠭᠠᠳᠠᠭ ᠪᠤᠯᠠᠢ᠃ ᠬᠡᠪᠡᠴᠦ ᠡᠨᠡ ᠢᠨᠦ ᠰᠠᠭᠠᠯᠢ ᠶᠢᠨ ᠬᠤᠭᠤᠴᠠᠭ᠎ᠠ ᠪᠢᠰᠢ᠂ ᠮᠠᠨ ᠤ ᠤᠷᠤᠨ ᠤ ᠰᠠᠭᠠᠯᠢ ᠶᠢᠨ ᠬᠤᠭᠤᠴᠠᠭ᠎ᠠ ᠪᠤᠯᠪᠠᠰᠤ ᠵᠡᠭᠦᠨ ᠪᠠᠷᠠᠭᠤᠨ ᠤᠷᠤᠨ᠂ ᠲᠤᠮᠳᠠᠳᠦ ᠤᠷᠤᠨ ᠬᠢᠬᠡᠳ ᠠᠯᠳᠠᠨ ᠬᠢᠩᠭᠠᠨ ᠤ ᠠᠷᠦ ᠦᠪᠦᠷ ᠴᠦᠮ ᠠᠳᠠᠯᠢ ᠦᠬᠡᠢ ᠪᠤᠯᠠᠢ᠃ ᠡᠨᠡ ᠢᠨᠦ ᠠᠭᠤᠷ ᠠᠮᠢᠰᠬᠤᠯ᠂ ᠤᠰᠤ ᠪᠡᠯᠴᠢᠬᠡᠷ ᠠᠴᠠ ᠪᠤᠯᠤᠭᠰᠠᠨ ᠠᠵᠤᠭᠤ᠃ ᠭᠤᠤᠯᠳᠠᠭᠤ ᠵᠤᠨ ᠤ ᠲᠤᠮᠳᠠ ᠰᠠᠷ᠎ᠠ ᠶᠢᠨ ᠡᠬᠢᠨ ᠠᠴᠠ ᠡᠬᠢᠯᠡᠬᠡᠳ ᠨᠠᠮᠤᠷ ᠤᠨ ᠲᠤᠮᠳᠠ ᠰᠠᠷ᠎ᠠ ᠶᠢᠨ ᠡᠴᠤᠰ ᠪᠤᠯᠬᠤ ᠬᠤᠭᠤᠴᠠᠭᠠᠨ᠎ᠠ ᠦᠨᠢᠶ᠎ᠡ ᠰᠠᠭᠠᠵᠦ ᠰᠠᠭᠠᠯᠢ ᠠᠪᠳᠠᠭ ᠪᠠ ᠡᠭᠦᠨ ᠢ ᠰᠠᠭᠠᠯᠢ ᠶᠢᠨ ᠬᠤᠭᠤᠴᠠᠭ᠎ᠠ ᠬᠡᠮᠡᠮᠤᠢ᠃ ᠰᠠᠭᠠᠯᠢ ᠶᠢᠨ ᠬᠤᠭᠤᠴᠠᠭᠠᠨ᠎ᠠ᠂ ᠰᠠᠭᠠᠯᠢᠴᠢᠨ ᠪᠦᠰᠡᠭᠦ᠋ᠢᠴᠤᠳ ︽ᠡᠬᠡ ᠶᠢ ᠢᠨᠦ ᠡᠴᠡᠬᠡᠭᠦ ᠦᠬᠡᠢ᠂ ᠲᠤᠭᠤᠯ ᠢ ᠠᠨᠤ ᠲᠤᠷᠭᠠᠬᠤ ᠦᠬᠡᠢ︾ ᠵᠠᠷᠴᠢᠮ  ᠢ ᠪᠠᠷᠢᠮᠳᠠᠯᠠᠳᠠᠭ ᠪᠦᠯᠦᠬᠡ᠃ ᠡᠭᠦᠨ᠎ᠡ᠂ ᠲᠠᠷᠭᠤ ᠰᠠᠶᠢᠳᠠᠢ ᠦᠨᠢᠶ᠎ᠡ 12 — 15 ᠰᠠᠷ᠎ᠠ ᠰᠠᠭᠠᠯᠭᠠᠳᠠᠭ ᠶᠠᠪᠤᠳᠠᠯ ᠴᠦ ᠪᠤᠢ᠃ ᠰᠠᠭᠠᠯᠢ ᠶᠢᠨ ᠬᠤᠭᠤᠴᠠᠭᠠᠨ᠎ᠠ ᠦᠨᠢᠶ᠎ᠡ ᠶᠢ ᠦᠷᠯᠦᠬᠡ ᠡᠷᠳᠠ ᠶᠢᠨ ᠭᠤᠷᠪᠠ ᠲᠦᠷᠪᠡᠨ ᠴᠠᠭ ᠠᠴᠠ ᠡᠬᠢᠯᠡᠨ ᠰᠠᠭᠠᠵᠦ ᠲᠠᠪᠤᠨ ᠴᠠᠭ ᠪᠤᠯᠳᠠᠯ᠎ᠠ ᠰᠠᠭᠠᠵᠦ ᠪᠠᠷᠠᠭᠠᠳᠠᠭ ᠪᠦᠯᠦᠬᠡ᠃ ᠦᠳᠡᠰᠢ ᠪᠤᠯᠪᠠᠰᠦ ᠨᠠᠷᠠᠨ ᠰᠢᠩᠬᠡᠭᠦ ᠲᠠᠢ ᠵᠡᠷᠬᠡ ᠰᠠᠭᠠᠬᠤ ᠮᠠᠳᠦ ᠪᠠᠷ ᠡᠳᠦᠷ ᠤᠨ ᠬᠤᠶᠠᠷ ᠴᠠᠭ ᠢᠶᠠᠷ ᠰᠠᠭᠠᠳᠠᠭ ᠠᠮᠤᠢ᠃ ᠮᠠᠨ ᠤ ᠤᠷᠤᠨ ᠤ ᠪᠡᠶ᠎ᠡ ᠪᠢᠯᠳᠠᠷ ᠰᠠᠶᠢᠳᠠᠢ ᠲᠠᠷᠭᠤᠨ ᠦᠨᠢᠶᠡᠨ ᠠᠴᠠ ᠡᠳᠦᠷ ᠲᠤᠷ 20 — 25 ᠵᠢᠩ ᠰᠦᠨ ᠭᠠᠷᠳᠠᠭ ᠪᠤᠯᠠᠢ᠃ ᠡᠭᠦᠨ᠎ᠡ᠂ ᠪᠠᠷᠭᠤ ᠶᠢᠨ ᠭᠤᠷᠪᠠᠨ ᠭᠤᠤᠯ ᠤᠨ ᠰᠢᠨ᠎ᠡ ᠡᠭᠦᠯᠳᠡᠷ ᠤᠨ ᠦᠨᠢᠶ᠎ᠡ᠂ ᠰᠢᠷ᠎ᠠ ᠮᠦᠷᠡᠨ ᠤ ᠤᠯᠠᠭᠠᠨ ᠦᠬᠡᠷ ᠤᠨ ᠰᠦᠨ ᠤ ᠭᠠᠷᠤᠯᠳᠠ ᠠᠨᠤ ᠶᠡᠭᠡ ᠪᠦᠬᠡᠳ ᠰᠢᠮ᠎ᠡ ᠲᠡᠵᠢᠬᠡᠯ ᠢᠶᠠᠷ ᠴᠦ ᠰᠠᠶᠢᠨ ᠠᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号