ᠭᠦᠷᠢᠶᠡᠴᠤᠳ ᠤᠨ ᠭᠠᠯ ᠲᠠᠬᠢᠯᠭ᠎ᠠ
ᠨᠡᠶᠢᠲᠡᠯᠡᠭᠰᠡᠨ ᠴᠠᠭ᠄
2024/4/17
  ᠭᠦᠷᠢᠶ᠎ᠡ ᠬᠤᠰᠢᠭᠤ ᠪᠤᠯ ᠮᠤᠩᠭᠤᠯ ᠦᠨᠳᠦᠰᠦᠳᠠᠨ ᠢᠶᠠᠷ ᠭᠤᠤᠯᠯᠠᠭᠰᠠᠨ ᠬᠤᠰᠢᠭᠤ ᠪᠤᠯᠬᠤᠷ ᠮᠤᠩᠭᠤᠯᠴᠤᠳ ᠪᠦᠷ ᠦᠪᠡᠷ ᠤᠨ ᠵᠠᠩ ᠲᠠᠳᠬᠠᠯ ᠢᠶᠠᠷ ᠢᠶᠠᠨ ᠭᠠᠯ ᠲᠠᠬᠢᠳᠠᠭ ᠶᠤᠮ᠃ ᠲᠡᠬᠡᠭᠦ ᠳᠡᠭᠡᠨ ᠭᠦᠷᠢᠶ᠎ᠡ ᠮᠤᠩᠭᠤᠯᠴᠤᠳ ᠤᠨ ᠤᠯᠠᠮᠵᠢᠯᠠᠯᠳᠦ ᠭᠠᠯ ᠲᠠᠬᠢᠯᠭ᠎ᠠ ᠨᠢ ᠦᠨᠢ ᠤᠳᠠᠭᠠᠨ ᠲᠡᠤᠬᠡ ᠶᠢᠨ ᠰᠠᠭᠤᠷᠢ ᠲᠠᠢ ᠪᠦᠬᠡᠳ ᠰᠤᠶᠤᠯ ᠤᠨ ᠭᠦᠨ ᠠᠭᠤᠯᠤᠭᠳᠠᠬᠤᠨ ᠲᠠᠢ ᠪᠠᠶᠢᠭ᠎ᠠ ᠶᠤᠮ᠃ ᠭᠠᠯ ᠪᠤᠯ ᠮᠤᠩᠭᠤᠯᠴᠤᠳ ᠤᠨ ᠬᠠᠮᠤᠭ ᠠᠴᠠ ᠠᠷᠢᠭᠤᠨ ᠲᠠᠷᠬᠠᠨ ᠰᠢᠳᠦᠬᠡᠨ᠂ ᠰᠦᠭ ᠰᠦᠯᠳᠠ ᠭᠦᠴᠦᠨ ᠴᠢᠳᠠᠯ᠂ ᠦᠨᠢ ᠮᠦᠩᠬᠡ ᠶᠢᠨ ᠠᠮᠢᠨ ᠰᠦᠨᠡᠰᠦ᠂ ᠭᠠᠯ ᠭᠤᠯᠤᠮᠳᠠ ᠪᠤᠯᠳᠠᠭ ᠎ ᠠᠴᠠ ᠭᠠᠯ ᠢ ᠬᠠᠮᠤᠭ ᠤᠨ ᠲᠡᠬᠡᠳᠦ ᠰᠢᠳᠦᠬᠡᠨ ᠪᠤᠯᠭᠠᠵᠦ᠂ ᠠᠷᠢᠭᠤᠨ ᠲᠠᠷᠬᠠᠨ᠂ ᠬᠠᠯᠳᠠᠵᠦ ᠪᠤᠯᠤᠰᠢ ᠦᠬᠡᠢ ᠪᠦᠬᠡᠳ ᠬᠡᠵᠢᠶ᠎ᠡ ᠡᠭᠦᠷᠢᠳᠠ ᠲᠡᠬᠡᠳᠦᠯᠡᠨ ᠰᠢᠳᠦᠵᠦ᠂ ᠵᠢᠯ ᠪᠦᠷᠢ ᠶᠢᠨ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ︵ᠵᠠᠷᠢᠮ ᠨᠢ ᠬᠤᠷᠢᠨ ᠲᠦᠷᠪᠡᠨ︶᠎ ᠳᠤ ᠭᠠᠯ ᠤᠨ ᠪᠤᠷᠬᠠᠨ ᠢᠶᠠᠨ ᠲᠠᠬᠢᠳᠠᠭ ᠵᠠᠩᠰᠢᠯ ᠲᠠᠢ ᠶᠤᠮ᠃ ᠭᠠᠯ ᠎ ᠤᠨ ᠪᠤᠷᠬᠠᠨ ᠢᠶᠠᠨ ᠲᠡᠬᠢᠵᠦ᠂ ᠰᠠᠶᠢᠨ ᠰᠠᠶᠢᠬᠠᠨ ᠢᠶᠠᠨ ᠲᠠᠭᠠᠳᠬᠠᠨ᠂ ᠠᠮᠤᠷ ᠠᠮᠤᠭᠤᠯᠠᠩ ᠢᠶᠠᠨ ᠰᠦᠰᠦᠭᠯᠡᠨ ᠰᠢᠳᠦᠵᠦ᠂ ᠦᠨᠢ ᠮᠦᠩᠬᠡ ᠭᠠᠯ ᠭᠤᠯᠤᠮᠳᠠ ᠶᠢᠨ ᠢᠶᠠᠨ ᠭᠦᠭᠵᠢᠨ ᠮᠠᠨᠳᠤᠬᠤ᠂ ᠦᠷ᠎ᠡ ᠠᠴᠢᠷ ᠨᠢ ᠡᠷᠡᠭᠦᠯ ᠰᠠᠶᠢᠬᠠᠨ ᠂ ᠦᠨᠳᠦᠰᠦ ᠤᠭᠰᠠᠭ᠎ᠠ ᠨᠢ ᠬᠡᠵᠢᠶᠠᠳᠠ ᠲᠠᠰᠤᠷᠠᠰᠢ ᠦᠬᠡᠢ ᠵᠠᠯᠭᠠᠮᠵᠢᠯᠠᠵᠦ ᠶᠠᠪᠤᠬᠤ ᠶᠢ ᠭᠦᠰᠡᠨ ᠲᠠᠭᠠᠳᠬᠠᠳᠠᠭ ᠪᠢᠯᠡ᠃ ᠭᠦᠷᠢᠶ᠎ᠡ ᠮᠤᠩᠭᠤᠯᠴᠤᠳ ᠭᠠᠯ ᠭᠤᠯᠤᠮᠳᠠ ᠶᠢᠨ ᠲᠡᠬᠡᠭᠦᠷ ᠠᠯᠬᠤᠵᠦ ᠭᠠᠷᠬᠤ᠂ ᠭᠠᠯ ᠳᠤ ᠭᠦᠯ ᠢᠶᠠᠨ ᠡᠬᠡᠬᠡᠭᠦ᠂ ᠭᠠᠯ ᠲᠡᠬᠡᠷ᠎ᠡ ᠠᠯᠴᠠᠶᠢᠬᠤ᠂ ᠵᠤᠤᠬᠠᠨ ᠭᠠᠯ ᠢ ᠭᠦᠯ ᠢᠶᠠᠷ ᠢᠰᠭᠦᠯᠭᠦ᠂ ᠭᠠᠵᠠᠷ ᠤᠨᠠᠭᠰᠠᠨ ᠭᠠᠯ ᠢ ᠭᠦᠯ ᠢᠶᠠᠷ ᠬᠢᠰᠬᠢᠵᠦ ᠤᠨᠳᠠᠷᠠᠭᠠᠬᠤ ᠵᠡᠷᠬᠡ ᠶᠢ ᠴᠡᠬᠡᠷᠯᠡᠵᠦ᠂ ᠭᠠᠯ ᠳᠤ ᠬᠢᠳᠤᠭ᠎ᠠ ᠰᠢᠪᠦᠭᠡ ᠲᠦᠷᠦᠭᠦ᠂ ᠭᠠᠯ ᠳᠤ ᠰᠤᠩᠬᠢᠨ᠎ᠡ ᠰᠠᠷᠢᠮᠰᠠᠭ ᠤᠨ ᠬᠠᠯᠢᠰᠦ ᠶᠢ ᠬᠢᠭᠦ᠂ ᠭᠠᠭ᠋ᠠᠢ ᠰᠢᠪᠠᠭᠤ ᠶᠢᠨ ᠪᠠᠭᠠᠰᠦ ᠪᠠ ᠦᠳᠦ ᠬᠢᠭᠦ ᠶᠢ ᠴᠡᠬᠡᠷᠯᠡᠵᠦ᠂ ᠬᠡᠷᠪᠡ ᠡᠳᠡᠬᠡᠷ ᠢ ᠴᠡᠬᠡᠷᠯᠡᠭᠦ ᠦᠬᠡᠢ ᠪᠤᠯ ᠭᠠᠯ ᠤᠨ ᠪᠤᠷᠬᠠᠨ ᠠᠭᠤᠷᠯᠠᠵᠦ᠂ ᠭᠠᠢ ᠭᠠᠮᠰᠢᠭ ᠪᠤᠯᠬᠤ ᠬᠡᠭᠦ ᠬᠡᠯᠡᠯᠬᠡ ᠲᠠᠢ ᠪᠠᠶᠢᠳᠠᠭ᠃ ᠨᠡᠩ ᠢᠯᠡᠭᠦᠦ ᠵᠤᠤᠬ᠎ᠠ ᠶᠢᠨ ᠲᠡᠬᠡᠷ᠎ᠡ ᠰᠠᠭᠤᠬᠤ᠂ ᠵᠤᠤᠬ᠎ᠠ ᠶᠢᠨ ᠲᠡᠬᠡᠷ᠎ᠡ ᠪᠤᠵᠠᠷ ᠶᠠᠭᠤᠮ᠎ᠠ ᠲᠠᠯᠪᠢᠬᠤ᠂ ᠵᠤᠤᠬ᠎ᠠ ᠶᠢᠨ ᠠᠮᠠᠰᠠᠷ ᠢ ᠰᠡᠳᠡᠷᠬᠡᠢ ᠡᠮᠳᠡᠷᠬᠡᠢ ᠪᠠᠶᠢᠯᠭᠠᠬᠤ ᠵᠡᠷᠬᠡ ᠶᠢ ᠴᠡᠬᠡᠷᠯᠡᠵᠦ᠂ ᠭᠠᠯ ᠭᠤᠯᠤᠮᠳᠠ ᠲᠤᠷᠦ᠋ᠢᠳᠡᠵᠦ ᠤᠳᠤᠮ ᠤᠭᠰᠠᠭ᠎ᠠ ᠮᠠᠭᠤᠳᠠᠨ᠎ᠠ ᠬᠡᠳᠡᠭ᠃ ᠬᠡᠷᠪᠡ ᠭᠠᠯ ᠲᠡᠬᠡᠭᠦᠷ ᠤᠯᠠᠭᠠᠨ ᠪᠦᠰ ᠡᠷᠬᠢᠭᠦᠯᠪᠡᠯ ᠭᠠᠯ ᠪᠠ ᠤᠯᠠᠭᠠᠨ ᠪᠦᠰ ᠬᠤᠶᠠᠷ ᠦᠩᠬᠡ ᠬᠠᠷᠰᠢᠯᠳᠤᠵᠦ᠂ ᠬᠡᠷ ᠵᠠᠭᠤᠷ᠎ᠠ ᠪᠠᠨ ᠶᠠᠷᠬᠢᠶᠠᠨ ᠲᠠᠢ ᠪᠤᠯᠤᠨ᠎ᠠ ᠬᠡᠭᠦ᠂ ᠬᠡᠤᠬᠡᠳ ᠭᠠᠯ ᠢᠶᠠᠷ ᠨᠠᠭᠠᠳᠪᠠᠯ ᠮᠠᠯ ᠠᠳᠤᠭᠤᠰᠦ ᠬᠤᠯᠠᠳᠠᠨ᠎ᠠ ᠬᠡᠭᠦ᠂ ᠭᠠᠯ ᠳᠤ ᠰᠦ᠂ ᠤᠰᠦ ᠵᠡᠷᠬᠡ ᠰᠢᠩᠬᠡᠨ ᠶᠠᠭᠤᠮ᠎ᠠ ᠴᠢᠳᠬᠤᠪᠠᠯ ᠭᠠᠯ ᠭᠤᠯᠤᠮᠳᠠ ᠬᠠᠷᠠᠯᠠᠨ᠎ᠠ ᠬᠡᠭᠦ ᠴᠡᠬᠡᠷ ᠶᠤᠰᠤᠨ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号