ᠮᠤᠩᠭᠤᠯ ᠤᠨ ᠲᠤᠮᠤᠭᠲᠦ ᠬᠠᠳᠣᠳ
ᠨᠡᠶᠢᠲᠡᠯᠡᠭᠰᠡᠨ ᠴᠠᠭ᠄
2024/2/21
   ᠨᠢᠭᠡ᠂ ᠮᠣᠩᠭᠤᠯ ᠢ ᠲᠦᠷᠦᠭᠦᠯᠦᠭᠰᠡᠨ ᠭᠤᠸ᠎ᠠ ᠮᠠᠷᠠᠯ ᠮᠠᠷᠠᠯ ᠭᠤᠸ᠎ᠠ ᠪᠣᠯ ᠮᠣᠩᠭᠤᠯᠴᠣᠳ ᠢ ᠲᠦᠷᠦᠭᠦᠯᠦᠭᠰᠡᠨ ᠪᠤᠭᠳᠠ ᠡᠮᠡᠭᠡ ᠪᠤᠯᠤᠨ᠎ᠠ᠃ ᠮᠠᠷᠠᠯ ᠭᠤᠸ᠎ᠠ ᠪᠤᠯ ᠮᠣᠩᠭᠤᠯᠴᠣᠳ ᠤᠨ ᠢᠵᠠᠭᠤᠷ ᠡᠪᠦᠭᠡ ᠪᠦᠷᠳᠡ ᠴᠢᠨᠸ᠎ᠠ ᠶᠢᠨ ᠬᠠᠳᠣᠨ᠃ ᠠᠶᠢᠮᠠᠭ ᠣᠭᠰᠠᠭ᠎ᠠ ᠮᠦᠬᠦᠵᠤ ᠰᠦᠨᠦᠬᠦ ᠶᠡᠷᠦ ᠪᠤᠰᠤ ᠶᠢᠨ ᠴᠠᠭᠦᠶ᠎ᠡ ᠳᠤ ᠲᠡᠷᠡ ᠪᠦᠷᠳᠡ ᠴᠢᠨ᠋ᠸ᠎ᠠ ᠲᠠᠢ ᠬᠤᠷᠢᠮᠯᠠᠵᠤ᠂ ᠲᠠᠯ᠎ᠠ ᠨᠤᠳᠤᠭ ᠲᠡᠭᠡᠷ᠎ᠡ ᠮᠣᠩᠭᠤᠯ ᠬᠦᠬᠡ ᠲᠤᠭ ᠢ ᠡᠷᠭᠦᠨ ᠡᠪᠦᠭᠡ ᠲᠡᠭᠡᠳᠣᠰ ᠤᠨ ᠢᠶᠠᠨ ᠠᠯᠳᠠᠭᠰᠠᠨ ᠲᠦᠷᠦ ᠭᠦᠷᠦᠨ ᠢ ᠪᠣᠴᠠᠭᠠᠨ ᠪᠠᠶᠢᠭᠤᠯᠬᠤ ᠳᠤ ᠭᠤᠸ᠎ᠠ ᠮᠠᠷᠠᠯ ᠬᠠᠳᠣᠨ ᠲᠦᠢᠯ ᠤᠨ ᠶᠡᠭᠡ ᠦᠢᠯᠡᠳᠦᠯ ᠦᠵᠡᠭᠦᠯᠦᠭᠰᠡᠨ ᠶᠤᠮ᠃    ᠬᠤᠶᠠᠷ᠂ ᠰᠢᠳᠦᠭᠡᠨ ᠡᠬᠡ ᠠᠯᠤᠨ ᠭᠤᠸ᠎ᠠ ᠠᠯᠤᠨ ᠭᠤᠸ᠎ᠠ ᠡᠬᠡ ᠪᠤᠯ ᠮᠣᠩᠭᠤᠯᠴᠣᠳ ᠤᠨ ᠲᠡᠭᠡᠳᠤ ︿︿ᠰᠢᠳᠦᠭᠡᠨ ᠡᠬᠡ﹀﹀ ᠪᠤᠯᠤᠨ᠎ᠠ᠃ ᠲᠡᠭᠦᠨ ᠤ ︿︿ᠲᠠᠪᠤᠨ ᠮᠦᠰᠦ ᠶᠢᠨ ᠰᠣᠷᠭᠠᠯ﹀﹀ ᠨᠢ ᠮᠢᠩᠭ᠎ᠠ ᠭᠠᠷᠦᠢ ᠵᠢᠯ ᠤᠨ ᠲᠣᠷᠰᠢ ᠮᠣᠩᠭᠤᠯᠴᠣᠳ ᠢ ᠨᠦᠯᠦᠭᠡᠯᠡᠨ᠂ ᠣᠬᠠᠭᠠᠨ ᠤ ᠨᠠᠷᠠ᠂ ᠡᠪ ᠤᠨ ᠬᠦᠴᠦᠨ ᠪᠤᠯᠵᠤ ᠰᠢᠳᠦᠭᠳᠡᠨ ᠲᠡᠭᠡᠳᠦᠯᠡᠭᠳᠡᠭᠰᠡᠭᠡᠷ ᠢᠷᠡᠭᠰᠡᠨ ᠲᠡᠳᠦᠢ ᠦᠭᠡᠢ ᠣᠳᠣᠬᠢ ᠮᠣᠩᠭᠤᠯᠴᠣᠳ ᠤᠨ ᠲᠣᠳᠣᠷ᠎ᠠ ᠦᠷᠭᠡᠨ ᠵᠠᠢ ᠠᠪᠴᠤ᠂ ᠬᠡᠤᠬᠡᠳ ᠪᠠᠭᠠᠴᠣᠳ ᠤᠨ ᠬᠦᠮᠦᠵᠢᠯ ᠤᠨ ᠴᠢᠬᠤᠯᠠ ᠰᠣᠷᠭᠠᠨ ᠪᠤᠯᠤᠨ ᠭᠡᠭᠡᠷᠡᠭᠦᠯᠵᠤ ᠪᠤᠢ᠃ ᠠᠯᠤᠨ ᠭᠤᠸ᠎ᠠ ᠪᠤᠯ ᠬᠤᠷᠢ ᠲᠦᠮᠡᠳ ᠤᠨ ᠠᠷᠢᠭ ᠤᠰᠣᠨ ᠭᠡᠮᠡᠬᠦ ᠭᠠᠵᠠᠷ ᠮᠡᠨᠳᠦᠯᠡᠵᠣ᠂ ᠪᠠᠷᠤᠭ ᠤᠨ ᠲᠤᠭᠠᠯᠠᠯ ᠠᠴᠠ ᠡᠮᠦᠨ᠎ᠡ 220 ᠤᠨ ᠤ ᠣᠷᠴᠢᠮ ᠠᠮᠢᠳᠣᠷᠠᠵᠤ ᠪᠠᠶᠢᠪᠠ᠃    ᠭᠤᠷᠪᠠ᠂ ᠨᠤᠮᠤᠯᠤᠨ ᠲᠠᠷᠬᠠᠨ ᠬᠠᠳᠣᠨ ᠨᠤᠮᠤᠯᠤᠨ ᠲᠠᠷᠬᠠᠨ ᠬᠠᠳᠣᠨ ᠪᠣᠯ ᠮᠣᠩᠭᠤᠯ ᠤᠨ ᠡᠷᠳᠡᠨ ᠤ ᠲᠡᠤᠬᠡᠨ ᠳᠤ ᠠᠯᠤᠨ ᠭᠤᠸ᠎ᠠ ᠡᠬᠡ ᠶᠢᠨ ᠲᠠᠷᠠᠭᠠᠪᠠᠷ ᠨᠡᠷ᠎ᠡ ᠮᠠᠨᠳᠣᠭᠰᠡᠨ ᠪᠠᠰᠠ ᠨᠢᠭᠡ ᠠᠯᠳᠠᠷᠳᠠᠢ ᠡᠬᠡ ᠪᠤᠯᠤᠨ᠎ᠠ᠂᠃ ᠨᠤᠮᠤᠯᠤᠨ ᠬᠠᠳᠣᠨ ᠪᠤᠯ ᠴᠢᠩᠭᠢᠰ ᠤᠨ ᠬᠠᠭᠠᠨ ᠠᠴᠠ ᠲᠡᠭᠡᠭᠰᠢᠬᠢ ᠲᠤᠯᠤᠳᠣᠭᠠᠷ ᠦᠶ᠎ᠡ ᠡᠯᠦᠨᠴᠡ ᠬᠠᠴᠢᠭᠦ᠋ᠯᠦᠭ ᠤᠨ ᠬᠠᠳᠣᠨ᠂ ᠬᠠᠶᠢᠳᠣ ᠬᠠᠭᠠᠨ ᠤ ᠡᠬᠡ ᠪᠣᠯᠤᠨ᠎ᠠ᠃ ᠲᠡᠷᠡ ᠪᠠᠷ ︿︿ᠦᠡᠭᠡᠨ ᠬᠡᠰᠢᠭ ᠲᠠᠢ᠂ ᠠᠭᠤᠵᠢᠭᠤ ᠰᠡᠳᠬᠢᠯ ᠲᠠᠢ ᠂ ᠰᠠᠶᠢᠬᠠᠨ ᠠᠭᠠᠯᠢ ᠲᠠᠢ᠂ ᠭᠦᠨ ᠤᠬᠠᠭᠠᠨ ᠲᠠᠢ᠂ ᠲᠠᠶᠢᠪᠤᠩ ᠲᠡᠰᠪᠤᠷᠢ ᠲᠠᠢ᠂ ᠴᠢᠳᠠᠪᠣᠷᠢᠯᠢᠭ ᠡᠮᠡᠭᠳᠡᠢ ᠡᠮᠡᠭᠳᠡᠢ ᠪᠠᠶᠢᠵᠤ᠂ ᠲᠦᠪ ᠭᠤᠣᠯᠴᠢ ᠪᠠᠷ ᠲᠦᠮᠡᠨ ᠲᠦᠪᠯᠡᠵᠤ᠂ ᠮᠣᠩᠭᠤᠯ ᠣᠭᠰᠠᠭᠠᠳᠠᠨ ᠳᠠᠭᠠᠨ ᠬᠠᠭᠠᠨ ᠰᠠᠭᠤᠵᠤ﹀﹀ ᠪᠠᠶᠢᠭᠰᠠᠨ ᠶᠤᠮ᠃    ᠲᠦᠷᠪᠡ᠂ ᠨᠠᠷᠠᠨ ᠬᠠᠭᠠᠨ ᠦᠭᠡᠯᠦᠨ ᠦᠵᠢᠨ ᠦᠭᠡᠯᠦᠨ ᠦᠵᠢᠨ ᠪᠤᠯ ᠡᠷᠳᠡᠨ ᠤ ᠮᠣᠩᠭᠤᠯ ᠤᠨ ᠲᠡᠤᠬᠡᠨ ᠳᠠᠬᠢ ︿︿ᠭᠤᠷᠪᠠᠨ ᠠᠭᠤᠤ ᠡᠬᠡ﹀﹀ ᠶᠢᠨ ᠨᠢᠭᠡ ᠪᠤᠯᠤᠨ᠎ᠠ᠃ ᠠᠯᠤᠨ ᠭᠤᠸ᠎ᠠ ᠡᠬᠡ ︿︿ᠲᠠᠪᠤᠨ ᠮᠦᠰᠦ ᠶᠢᠨ ᠰᠣᠷᠭᠠᠯ﹀﹀ ᠢᠶᠠᠷ ᠡᠪ ᠤᠨ ᠬᠦᠴᠦᠨ ᠢ ᠢᠪᠡᠭᠡᠭᠰᠡᠨ ᠪᠤᠯ᠂ ᠮᠠᠨᠳᠣᠬᠠᠢ ᠰᠡᠴᠡᠨ ᠬᠠᠳᠣᠨ ᠪᠣᠳᠠᠷᠠᠭᠰᠠᠨ ᠣᠯᠠᠨ ᠠᠶᠢᠮᠠᠭ ᠤᠳ ᠢ ᠨᠢᠭᠡᠨ ᠵᠢᠯᠣᠭᠤᠨ ᠳᠤ ᠬᠤᠷᠢᠶᠠᠨ ᠮᠣᠩᠭᠤᠯ ᠤᠨ ᠨᠡᠶᠢᠭᠡᠮ ᠤᠨ ᠪᠠᠰᠠ ᠨᠢᠭᠡ ᠣᠳᠠᠭᠠᠨ ᠤ ᠶᠡᠭᠡ ᠨᠢᠭᠡᠳᠦᠯ ᠢ ᠪᠡᠶᠡᠯᠡᠭᠦᠯᠦᠭᠰᠡᠨ ᠢᠶᠠᠷ ᠮᠣᠩᠭᠤᠯᠴᠣᠳ ᠲᠤ ᠰᠢᠳᠦᠭᠳᠡᠨ ᠠᠯᠳᠠᠷᠰᠢᠪᠠ᠃ ᠦᠭᠡᠯᠦᠨ ᠦᠵᠢᠨ ᠡᠬᠡ ᠡᠶᠢᠮᠦᠷᠬᠦ ᠣᠨᠴᠠᠯᠢᠭ ᠢ ᠪᠡᠶ᠎ᠡ ᠳᠤ ᠪᠠᠨ ᠠᠭᠤᠰᠬᠠᠨ ᠪᠦᠷᠢᠯᠳᠦᠭᠦᠯᠵᠤ᠂ ᠬᠠᠳᠠᠭᠤ ᠰᠣᠷᠭᠠᠯ᠂ ᠮᠡᠷᠭᠡᠨ ᠣᠬᠠᠭᠠᠨ᠂ ᠡᠷᠡᠮᠡᠬᠡᠢ ᠵᠤᠷᠢᠭ ᠢᠶᠠᠷ ᠦᠨᠦᠴᠢᠨ ᠬᠡᠤᠬᠡᠳ ᠢᠶᠠᠨ ᠦᠰᠭᠡᠨ᠂ ᠡᠷ᠎ᠡ ᠶᠢᠨ ᠵᠡᠷᠭᠡ ᠳᠤ ᠬᠦᠷᠭᠡᠵᠤ᠂ ᠶᠢᠷᠳᠢᠨᠴᠤ ᠶᠢᠨ ᠮᠠᠩᠯᠠᠢ ᠪᠤᠯᠭᠠᠭᠰᠠᠨ ᠠᠭᠤᠤ ᠡᠬᠡ ᠪᠣᠯᠬᠤ ᠶᠤᠮ᠃ ᠲᠠᠷᠦᠢ ᠨᠢᠭᠡᠨ ᠦᠶ᠎ᠡ ᠶᠢᠨ ᠲᠡᠭᠷᠢᠯᠢᠭ ᠬᠦᠪᠡᠭᠦᠨ᠂ ᠮᠢᠩᠭᠠᠨ ᠣᠨ ᠤ ᠠᠯᠳᠠᠷᠳᠣ ᠬᠦᠮᠦᠨ — ᠬᠦᠮᠦᠨ ᠲᠦᠷᠦᠯᠬᠢᠳᠡᠨ ᠤ ᠴᠠᠭ ᠦᠶ᠎ᠡ ᠶᠢ ᠵᠠᠭᠠᠭᠯᠠᠭᠰᠠᠨ ᠠᠯᠳᠠᠨ ᠤᠷᠭᠢᠯ ᠢ ᠡᠭᠦᠳᠦᠨ᠂ ᠦᠩᠭᠡᠷᠡᠭᠰᠡᠨ ᠤ ᠬᠦᠮᠦᠰ  ᠤᠨ ᠪᠡᠶᠡᠯᠡᠭᠦᠯᠵᠤ ᠲᠡᠶᠢᠯᠦᠭᠰᠡᠨ ᠦᠭᠡᠢ ᠪᠤᠶᠤ ᠢᠷᠡᠭᠡᠳᠦᠢ ᠶᠢᠨ ᠬᠦᠮᠦᠰ ᠤᠨ ᠪᠡᠶᠡᠯᠡᠭᠦᠯᠵᠤ ᠲᠡᠶᠢᠯᠦᠰᠢ ᠦᠭᠡᠢ ᠠᠭᠤᠤ ᠦᠢᠯᠡᠰ ᠢ ᠪᠦᠲᠦᠭᠡᠭᠰᠡᠨ ᠠᠭᠤᠣ ᠶᠡᠭᠡ ᠤᠯᠤᠰ ᠲᠦᠷᠦᠴᠢᠨ᠂ ᠠᠭᠤᠤ ᠶᠡᠭᠡ ᠴᠡᠷᠢᠭ ᠲᠠᠶᠢᠨ ᠤ ᠪᠤᠳᠤᠯᠭᠠᠳᠠᠨ᠂ ᠠᠭᠤᠤ ᠶᠡᠭᠡ ᠨᠡᠶᠢᠭᠡᠮ ᠵᠢᠳᠬᠦᠯᠳᠡᠨ᠂ ᠲᠡᠯᠡᠬᠡᠢ ᠶᠢᠨ ᠲᠡᠤᠬᠡ ᠶᠢ ᠰᠢᠨ᠎ᠡ ᠪᠠᠷ ᠡᠮᠬᠢᠯᠡᠨ ᠲᠤᠭᠳᠠᠭᠠᠭᠰᠠᠨ ᠲᠠᠯᠠᠢ ᠶᠡᠭᠡ ᠴᠢᠩᠭᠢᠰ ᠶᠢ ᠪᠤᠭᠳᠠ ᠲᠦᠷᠦᠭᠦᠯᠦᠨ ᠦᠰᠭᠡᠭᠰᠡᠨ ᠨᠠᠷᠠᠨ ᠬᠠᠭᠠᠨ ᠡᠬᠡ ᠪᠤᠯᠤᠨ᠎ᠠ᠃ ᠦᠭᠡᠯᠦᠨ ᠦᠵᠢᠨ ᠪᠤᠯ ᠶᠢᠰᠦᠬᠡᠢ ᠪᠠᠭᠠᠳᠣᠷ ᠤᠨ ᠬᠠᠳᠣᠨ ᠶᠤᠮ᠃ ᠲᠡᠷᠡ ᠪᠤᠯ ᠬᠤᠩᠭᠢᠷᠠᠳ ᠠᠶᠢᠮᠠᠭ ᠤᠨ ᠰᠠᠯᠪᠤᠷᠢ ᠪᠤᠯᠬᠤ ᠤᠯᠬᠤᠨᠤᠳ ᠤᠪᠤᠭᠳᠠᠨ ᠤ ᠬᠦᠮᠦᠨ ᠪᠤᠯᠬᠤ ᠶᠤᠮ᠃ ᠲᠠᠪᠤ᠂ ᠡᠰᠢ ᠬᠠᠳᠣᠨ ᠪᠦᠷᠳᠡ ᠪᠦᠷᠳᠡ ︵ᠪᠦᠷᠳᠡᠭᠡᠯᠵᠢᠨ︶ ᠬᠠᠳᠣᠨ ᠪᠤᠯ ᠴᠢᠩᠭᠢᠰ ᠬᠠᠭᠠᠨ ᠤ ᠭᠤᠣᠯ ᠬᠠᠳᠣᠨ᠂ ᠮᠣᠩᠭᠤᠯ ᠬᠠᠭᠠᠨᠳᠣ ᠣᠯᠤᠰ ᠤᠨ ᠲᠦᠷᠦ ᠶᠢᠨ ᠨᠢᠭᠡᠳᠦᠭᠡᠷ ᠬᠠᠳᠣᠨ ᠪᠤᠯᠤᠨ᠎ᠠ᠃    ᠲᠡᠷᠡ ᠲᠡᠮᠦᠵᠢᠨ ᠤ ᠬᠠᠮᠤᠭ ᠤᠨ ᠭᠠᠴᠢᠭ ᠵᠦᠳᠡᠭᠦᠷᠢ ᠲᠠᠢ ᠦᠶ᠎ᠡ ᠳᠤ ᠬᠠᠶᠢᠷ᠎ᠠ ᠪᠠᠨ ᠦᠭᠴᠤ ᠲᠡᠭᠦᠨ ᠲᠠᠢ ᠬᠤᠷᠢᠮᠯᠠᠨ᠂ ᠴᠢᠩᠭᠢᠰ ᠬᠠᠭᠠᠨ ᠤ ᠰᠠᠶᠢᠨ ᠬᠠᠨᠢ᠂ ᠮᠡᠷᠭᠡᠨ ᠵᠦᠪᠯᠡᠭᠴᠢ᠂ ᠲᠦᠷᠦ ᠤᠯᠤᠰ ᠤᠨ ᠬᠢᠨᠢ ᠨᠠᠶᠢᠳᠠᠪᠤᠷᠢᠳᠠᠢ ᠲᠦᠰᠢᠭ᠂ ᠲᠦᠷᠪᠡᠨ ᠬᠠᠭᠠᠨ ᠬᠦᠪᠡᠭᠦᠨ ᠤ ᠬᠢᠨᠢ ᠠᠭᠤᠤ ᠰᠣᠳᠤᠨ ᠡᠬᠡ ᠪᠤᠯᠤᠭᠰᠠᠨ ᠶᠤᠮ᠃ ᠲᠡᠷᠡ ᠵᠢᠰᠣ ᠭᠠᠯᠪᠢᠷ ᠭᠡᠭᠡᠨᠴᠢᠷ ᠦᠵᠡᠰᠭᠦᠯᠡᠩ᠂ ᠮᠦᠷᠳᠡᠭᠡᠨ ᠤᠬᠠᠭᠠᠨ ᠪᠤᠳᠤᠯ᠂ ᠵᠤᠷᠢᠭ ᠰᠠᠮᠪᠠᠭ᠎ᠠ᠂ ᠦᠷᠦᠰᠢᠶᠡᠯ [ ᠪᠠᠭᠳᠠᠭᠠᠮᠵᠢ ᠵᠡᠷᠭᠡ ᠪᠦᠬᠦ ᠲᠠᠯ᠎ᠠ ᠪᠠᠷ ᠮᠣᠩᠭᠤᠯ ᠡᠮᠡᠭᠳᠡᠶᠢᠴᠣᠳ ᠤᠨ ᠮᠠᠩᠯᠠᠢ ᠪᠤᠯᠵᠤ ᠴᠤᠯᠭᠤᠷᠠᠭᠰᠠᠨ ᠲᠤᠯᠠ ᠲᠦᠷᠦ ᠲᠦᠮᠡᠨ ᠳᠤ ᠪᠠᠨ ᠠᠰᠠᠷᠤ ᠶᠡᠭᠡ ᠬᠦᠨᠳᠣᠳᠬᠡᠯ ᠲᠠᠢ ᠪᠠᠶᠢᠵᠤ᠂ ᠲᠡᠯᠡᠬᠡᠢ ᠶᠢᠨ ᠲᠡᠤᠬᠡᠨ ᠳᠤ ᠴᠦ ᠠᠯᠳᠠᠷ ᠢᠶᠠᠨ ᠮᠦᠩᠬᠡᠯᠡᠭᠰᠡᠨ ᠰᠣᠳᠣᠨ ᠡᠮᠡᠭᠳᠡᠢ ᠶᠤᠮ᠃ ᠪᠦᠷᠳᠡ ᠬᠠᠳᠣᠨ ᠠᠴᠠ ᠵᠦᠴᠢ᠂ ᠴᠠᠭᠠᠳᠠᠢ᠂ ᠦᠭᠡᠳᠡᠢ᠂ ᠲᠤᠯᠢ ᠭᠡᠬᠦ ᠲᠦᠷᠪᠡᠨ ᠬᠠᠭᠠᠨ ᠬᠦᠪᠡᠭᠦᠨ ᠪᠠ ᠬᠤᠵᠢᠨ ᠪᠠᠬᠢ᠂ ᠴᠡᠴᠡᠶᠢᠬᠡᠨ ᠪᠠᠬᠢ᠂ ᠠᠯᠠᠭ᠎ᠠ ᠪᠠᠬᠢ᠂ ᠲᠡᠮᠡᠤᠯᠤᠨ ︵ᠲᠦᠮᠡᠯᠤᠨ︶ ᠠᠯᠳᠣᠯᠣᠬᠠᠨ ᠭᠡᠬᠦ ᠲᠠᠪᠤᠨ ᠦᠬᠢᠨ ᠵᠠᠶᠠᠭᠠᠵᠡᠢ᠃ ᠲᠦᠷᠪᠡᠨ ᠬᠦᠪᠡᠭᠦᠨ ᠨᠢ ᠲᠦᠷᠪᠡᠨ ᠬᠠᠭᠠᠨᠳᠣ ᠤᠯᠤᠰ ᠤᠨ ᠡᠵᠡᠨ ᠪᠤᠯᠵᠤ᠂ ᠬᠡᠳᠣᠨ ᠵᠠᠭᠤᠨ ᠵᠢᠯ ᠤᠨ ᠲᠣᠷᠰᠢ ᠲᠡᠯᠡᠬᠡᠢ ᠳ᠋ᠠᠬᠢᠨ ᠢ ᠭᠠᠶᠢᠬᠠᠭᠤᠯᠵᠤ ᠪᠠᠶᠢᠭᠰᠡᠨ ᠶᠤᠮ᠃ ᠲᠡᠭᠦᠨ ᠤ ᠦᠬᠢᠳ ᠨᠢ ᠴᠦ ᠰᠡᠴᠡᠨ ᠰᠡᠷᠭᠦᠯᠡᠩ ᠮᠦᠷᠳᠡᠭᠡᠨ ᠣᠯᠤᠰ ᠲᠦᠷᠦ ᠶᠢᠨ ᠠᠯᠣᠰ ᠤᠨ ᠬᠠᠷᠠᠴᠠ ᠲᠠᠢ ᠪᠠᠶᠢᠵᠤ᠂ ︿︿ᠠᠯᠠᠭ᠎ᠠ ᠪᠠᠬᠢ﹀﹀ ᠨᠢ ︿︿ᠲᠦᠷᠦ ᠬᠠᠮᠢᠶᠠᠷᠣᠭᠴᠢ ᠭᠦᠩᠵᠤ﹀﹀ ᠬᠡᠮᠡᠨ ᠲᠡᠤᠬᠡᠨ ᠳᠤ ᠠᠯᠳᠠᠷᠰᠢᠭᠰᠠᠨ ᠶᠤᠮ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号