ᠡᠷᠡᠭᠳᠠᠶᠢᠴᠤᠳ ᠤᠨ ᠳᠡᠪᠡᠯ ᠲᠡᠷᠯᠢᠭ ᠡᠮᠦᠰᠬᠦ ᠶᠣᠰᠤᠨ
ᠨᠡᠶᠢᠲᠡᠯᠡᠭᠰᠡᠨ ᠴᠠᠭ᠄
2024/1/26
  ᠡᠷᠡᠭᠳᠠᠶᠢᠴᠤᠳ ᠤᠨ ᠳᠡᠪᠡᠯ ᠲᠡᠷᠯᠢᠭ ᠨᠢ ᠶᠡᠷᠦ ᠨᠢ ᠣᠷᠴᠢᠨ ᠲᠣᠭᠤᠷᠢᠨ ᠪᠠ ᠠᠵᠢᠯ ᠲᠦᠷᠦᠯ ᠳᠤᠨᠢ ᠵᠣᠬᠢᠴᠠᠭᠤᠯᠵᠦ᠂ ᠢᠯᠠᠩᠭᠤᠶ᠎ᠠ ᠡᠷ᠎ᠡ ᠬᠦᠮᠦᠨ ᠤ ᠬᠡᠪ ᠨᠠᠮᠪᠠ᠂ ᠬᠦᠳᠡᠯᠦᠯ ᠪᠠᠶᠢᠳᠠᠯ ᠳᠤ ᠵᠣᠬᠢᠴᠠᠭᠤᠯᠵᠦ ᠡᠯᠪᠡᠭ ᠠᠭᠤᠵᠢᠮ ᠬᠢᠳᠡᠭ᠃ ᠡᠨᠡ ᠲᠣᠬᠠᠢ᠄ ︽ᠤᠷᠭ᠎ᠠ ᠶᠢᠨ ᠤᠷᠳᠤ ᠶᠢ ᠪᠠᠷᠢᠨ᠎ᠠ ᠭᠡᠵᠦ \ ᠠᠭᠤᠵᠢᠮ ᠰᠤᠭᠤ ᠲᠠᠯᠪᠢᠯ᠎ᠠ \ ᠠᠭᠤᠯᠠᠨ ᠤ ᠵᠢᠪᠡᠷ ᠤᠨᠠᠨ᠎ᠠ ᠭᠡᠵᠦ ᠤᠨᠠᠭᠠᠨ ᠲᠤᠭᠤᠷᠠᠢ ᠨᠢᠳᠤᠷᠭ᠎ᠠ ᠲᠠᠯᠪᠢᠯ᠎ᠠ \ ᠡᠷᠭᠢᠴᠡᠭᠡ ᠮᠣᠷᠢᠨ ᠤ ᠡᠷᠭᠢᠭᠡ ᠶᠢ ᠪᠣᠳᠤᠵᠦ \ ᠡᠯᠪᠡᠭ ᠰᠠᠶᠢᠬᠠᠨ ᠲᠠᠰᠢᠶ᠎ᠠ ᠲᠠᠯᠪᠢᠯ᠎ᠠ︾ ᠭᠡᠰᠡᠨ ᠰᠢᠯᠦᠭ ᠪᠠᠶᠢᠳᠠᠭ᠃ ᠡᠷᠡᠭᠳᠠᠶᠢᠴᠤᠳ ᠤᠨ ᠳᠡᠪᠡᠯ ᠲᠡᠷᠯᠢᠭ  ᠨᠢ ᠮᠦᠨ ᠲᠡᠳᠡ ᠨᠠᠷ ᠤᠨ ᠮᠠᠯᠠᠭᠠᠢ ᠠᠯᠴᠢᠭᠤᠷ ᠲᠠᠢ ᠠᠳᠠᠯᠢ ᠪᠠᠷ ᠡᠷ᠎ᠡ ᠬᠦᠮᠦᠨ ᠤ ᠡᠷᠡᠯᠬᠡᠭ ᠪᠠᠭᠠᠳᠤᠷ ᠣᠮᠤᠭ ᠵᠣᠷᠢᠭ᠂ ᠡᠯᠢᠭᠡᠰᠡᠭ ᠵᠣᠴᠢᠨᠰᠠᠭ ᠵᠠᠩ ᠴᠢᠨᠠᠷ᠂ ᠠᠭᠤᠳᠠᠮ ᠲᠡᠨᠢᠭᠦᠨ ᠰᠠᠨᠠᠭ᠎ᠠ ᠰᠡᠳᠭᠢᠯ᠂ ᠤᠷᠠᠨ ᠰᠠᠮᠪᠠᠭ᠎ᠠ ᠪᠦᠬᠦᠢ ᠤᠬᠠᠭᠠᠨ ᠪᠣᠳᠤᠯᠭ᠎ᠠ ᠶᠢ ᠲᠣᠳᠤᠷᠬᠠᠢ ᠬᠠᠷᠠᠭᠤᠯᠵᠦ ᠪᠠᠶᠢᠳᠠᠭ᠃ ᠠᠷᠠᠳ ᠤᠨ ᠶᠠᠷᠢᠶᠠᠨ ᠳᠤ ︽ᠬᠦᠮᠦᠨ ᠳᠤ ᠲᠦᠷᠦᠭᠦᠦ ᠲᠠᠢ᠂ ᠬᠤᠪᠴᠠᠰᠤᠨ ᠳᠤ ᠵᠠᠭᠠᠮ᠎ᠠ ᠲᠠᠢ︾ ᠭᠡᠳᠡᠭᠴᠢᠯᠡᠨ ᠳᠡᠪᠡᠯ ᠲᠡᠷᠯᠢᠭ ᠤᠨ ᠵᠠᠭᠠᠮ᠎ᠠ ︵ᠵᠠᠬ᠎ᠠ︶ ᠶᠢ ᠮᠦᠨ ᠬᠦᠮᠦᠨ ᠤ ᠬᠡᠶᠢᠮᠤᠷᠢ᠂ ᠰᠦᠷ ᠰᠦᠯᠳᠡ ᠲᠠᠢ ᠬᠤᠯᠪᠤᠨ ᠦᠵᠡᠳᠡᠭ᠃ ᠡᠶᠢᠮᠦ ᠠᠴᠠ ᠳᠡᠪᠡᠯ ᠴᠠᠮᠴᠠ ᠬᠠᠨᠵᠢᠶᠠᠷ ᠬᠠᠨᠳᠠᠭᠠᠵᠠ ᠶᠢᠨ ᠵᠠᠭᠠᠮ᠎ᠠ ᠶᠢ ᠳᠣᠷᠤᠭᠰᠢ ᠬᠠᠨᠳᠤᠭᠤᠯᠬᠤ ᠦᠭᠡᠢ᠂ ᠵᠠᠭᠠᠮ᠎ᠠ ᠳᠡᠭᠡᠷ᠎ᠡ ᠭᠢᠰᠬᠢᠬᠦ ᠦᠭᠡᠢ᠂ ᠵᠠᠭᠠᠮ᠎ᠠ ᠦᠭᠡᠢ ᠳᠡᠪᠡᠯ ᠲᠡᠷᠯᠢᠭ ᠡᠮᠦᠰᠳᠡᠭ ᠦᠭᠡᠢ ᠪᠦᠭᠡᠳ ᠬᠠᠭᠤᠴᠢᠷᠠᠭᠰᠠᠨ ᠨᠡᠪᠳᠡᠷᠬᠠᠢ ᠳᠡᠪᠡᠯ ᠲᠡᠷᠯᠢᠭ ᠤᠨ ᠵᠠᠭᠠᠮ᠎ᠠ ᠶᠢ ᠳᠤᠷ᠎ᠠ ᠪᠠᠷ ᠬᠠᠶᠠᠬᠤ ᠦᠭᠡᠢ ᠤᠳᠠᠷᠴᠦ ᠠᠪᠤᠭᠠᠳ ᠭᠠᠯ ᠳᠤ ᠲᠦᠯᠡᠳᠡᠭ᠃ ᠢᠯᠠᠩᠭᠤᠶ᠎ᠠ ᠦᠷᠦᠭᠡᠯ ᠪᠣᠰᠤᠳ ᠢ ᠵᠠᠭᠠᠮᠠᠳᠠᠬᠤ ᠶᠢ ᠣᠨᠴᠠ ᠴᠡᠭᠡᠷᠯᠡᠳᠡᠭ᠃ ᠡᠩᠭᠡᠷ ᠵᠠᠭᠠᠮ᠎ᠠ ᠪᠠᠨ ᠰᠤᠯᠠ ᠵᠠᠳᠠᠭᠠᠢ ᠶᠠᠪᠤᠬᠤ ᠶᠢ ᠴᠡᠭᠡᠷᠯᠡᠳᠡᠭ᠃ ᠰᠤᠯᠠ ᠵᠠᠳᠠᠭᠠᠢ ᠪᠠᠶᠢᠯᠭᠠᠬᠤ ᠨᠢ ᠪᠡᠯᠪᠡᠰᠦᠷᠡᠭᠰᠡᠨ ᠤ ᠰᠢᠨᠵᠢ ᠭᠡᠳᠡᠭ᠃ ᠡᠨᠡ ᠨᠢ ᠲᠡᠭᠦᠨ ᠢ ᠲᠦᠢᠯ ᠢᠶᠠᠷ ᠳᠣᠷᠤᠮᠵᠢᠯᠠᠭᠰᠠᠨ ᠶᠠᠪᠤᠳᠠᠯ ᠭᠡᠵᠦ ᠦᠵᠡᠳᠡᠭ᠃ ᠳᠡᠪᠡᠯ ᠲᠡᠷᠯᠢᠭ ᠲᠤ ᠳᠣᠷᠤᠭᠤ ᠲᠠᠢ ᠪᠠ ᠳᠣᠷᠤᠭᠤ ᠦᠭᠡᠢ ᠳᠡᠪᠡᠯ ᠲᠡᠷᠯᠢᠭ ᠭᠡᠵᠦ ᠭᠡᠵᠦ ᠬᠤᠶᠠᠷ ᠵᠦᠢᠯ ᠪᠠᠶᠢᠳᠠᠭ᠃ ᠳᠡᠪᠡᠯ ᠲᠡᠷᠯᠢᠭ ᠤᠨ ᠳᠤᠷᠤᠭᠤ ᠬᠦᠢᠳᠡᠨ ᠤᠯᠠᠷᠢᠯ ᠳᠤ ᠭᠠᠷ ᠳᠤᠯᠠᠭᠠᠯᠠᠬᠤ ᠪᠣᠶᠤ ᠶᠠᠭᠤᠮ᠎ᠠ ᠶᠢ ᠵᠢᠬᠢᠷᠢᠭᠯᠡᠵᠦ ᠪᠠᠷᠢᠬᠤ ᠳᠤ ᠲᠤᠰᠠᠳᠠᠢ᠃ ᠪᠠᠶᠠᠷ ᠶᠣᠰᠤᠯᠠᠯ ᠤᠨ ᠲᠠᠯᠠᠪᠤᠷ ᠲᠤ ᠵᠠᠪᠠᠯ ᠳᠤᠷᠤᠭᠤ ᠲᠠᠢ ᠳᠡᠪᠡᠯ ᠲᠡᠷᠯᠢᠭ ᠡᠮᠦᠰᠳᠡᠭ᠃ ᠳᠣᠷᠤᠭᠤ ᠦᠭᠡᠢ ᠳᠡᠪᠡᠯ ᠲᠡᠷᠯᠢᠭ ᠢ ᠭᠡᠷ ᠵᠠᠭᠤᠷ᠎ᠠ ᠪᠠᠨ ᠡᠮᠦᠰᠳᠡᠭ᠃ ᠳᠡᠪᠡᠯ ᠲᠡᠷᠯᠢᠭ ᠤᠨ ᠳᠣᠷᠤᠭᠤ ᠳᠡᠭᠡᠷ᠎ᠡ ᠦᠶ᠎ᠡ ᠳᠤ ᠵᠢᠵᠢᠭ ᠪᠠᠶᠢᠭᠰᠠᠨ ᠢᠶᠠᠨ ᠰᠡᠭᠦᠯᠴᠢ ᠶᠢᠨ ᠦᠶ᠎ᠡ ᠳᠤ ᠣᠯᠠᠮ ᠲᠣᠮᠤ ᠬᠠᠯᠪᠠᠭᠠᠷ ᠪᠣᠯᠪᠠ᠃ ᠡᠶᠢᠮᠦ ᠠᠴᠠ ᠡᠩ ᠤᠨ ᠶᠠᠷᠢᠶᠠᠨ ᠳᠤ ︽ᠬᠠᠨᠴᠤᠢ ᠪᠠᠨ ᠳᠠᠭᠠᠭᠠᠪᠠᠯ ᠨᠢᠳᠤᠷᠭ᠎ᠠ ᠪᠠᠨ ᠶᠡᠭᠡ ᠬᠢ᠂ ᠲᠣᠭᠤᠨᠤ ᠪᠠᠨ ᠳᠠᠭᠠᠭᠠᠪᠠᠯ ᠡᠷᠦᠬᠡ ᠪᠠᠨ ᠶᠡᠭᠡ ᠬᠢ︾ ᠭᠡᠰᠡᠨ ᠦᠭᠡ ᠪᠠᠶᠢᠳᠠᠭ᠃ ᠳᠡᠪᠡᠯ ᠲᠡᠷᠯᠢᠭ ᠤᠨ ᠳᠣᠷᠤᠭᠤ ᠶᠢᠨ ᠳᠡᠭᠡᠷ᠎ᠡ ᠬᠡᠰᠡᠭ ᠢ ᠣᠮᠤᠭ ᠭᠡᠳᠡᠭ᠃ ᠲᠡᠭᠦᠨ ᠢ ᠪᠠᠰᠠ ᠡᠷ᠎ᠡ ᠬᠦᠮᠦᠨ ᠤ ᠰᠦᠷ ᠰᠦᠯᠳᠡ᠂ ᠬᠡᠶᠢᠮᠤᠷᠢ  ᠲᠠᠢ ᠬᠤᠯᠪᠤᠭᠳᠠᠭᠤᠯᠤᠨ ᠦᠵᠡᠳᠡᠭ᠃ ᠳᠣᠷᠤᠭᠤ ᠶᠢ ᠲᠡᠷᠡ ᠲᠠᠢ ᠲᠡᠷᠡ ᠦᠭᠡᠢ ᠪᠠᠭᠤᠯᠭᠠᠵᠦ ᠪᠣᠯᠬᠤ ᠦᠭᠡᠢ᠃ ᠭᠠᠰᠢᠭᠤ ᠪᠡᠯᠪᠡᠰᠦᠷᠡᠯ ᠪᠣᠯᠪᠠᠯ ᠰᠠᠶ᠋ᠢ ᠪᠠᠭᠤᠯᠭᠠᠳᠠᠭ᠃ ᠨᠠᠰᠦ ᠨᠦᠭᠴᠢᠭᠰᠡᠳ ᠤᠨ ᠭᠡᠷ ᠲᠤ ᠣᠷᠤᠬᠤ ᠳᠤ ᠲᠦᠰᠢᠭᠯᠡᠬᠦ ᠲᠦᠰᠢᠭ ᠦᠭᠡᠢ ᠪᠣᠯᠪᠠ ᠭᠡᠵᠦ ᠳᠣᠷᠤᠭᠤ ᠪᠠᠨ ᠪᠠᠭᠤᠯᠭᠠᠵᠦ ᠣᠷᠤᠳᠠᠭ᠃ ᠡᠩ ᠤᠨ ᠶᠠᠷᠢᠶᠠᠨ ᠳᠤ ︽ᠲᠦᠷᠦᠭᠦᠦ  ᠨᠢ ᠬᠠᠮᠢᠭᠠᠰᠢ ᠪᠠᠨ ᠪᠤᠯ ᠳᠣᠷᠤᠭᠤ ᠨᠢ ᠲᠡᠰᠢ ᠪᠠᠨ︾ ᠭᠡᠳᠡᠭ ᠵᠦᠢᠷ ᠦᠭᠡ ᠪᠠᠶᠢᠳᠠᠭ᠃ ᠬᠦᠳᠡᠭᠡ ᠭᠠᠳᠠᠭ᠎ᠠ ᠬᠦᠢᠳᠡᠨ ᠳᠤ ᠳᠣᠷᠤᠭᠤ ᠪᠠᠨ ᠪᠠᠭᠤᠯᠭᠠᠵᠦ ᠶᠠᠪᠤᠵᠦ ᠪᠠᠶᠢᠭᠰᠠᠨ ᠪᠣᠯ ᠠᠶᠢᠯ ᠳᠤ ᠣᠷᠤᠬᠤ ᠦᠶᠡᠰ ᠳᠣᠷᠤᠭᠤ ᠪᠠᠨ ᠵᠠᠪᠠᠯ ᠰᠡᠭᠦᠵᠦ ᠣᠷᠤᠳᠠᠭ᠃ ᠲᠠᠪᠠᠭ ᠲᠠᠢ ᠴᠠᠭᠠᠨ ᠢᠳᠡᠭᠡ᠂ ᠮᠢᠬ᠎ᠠ ᠰᠢᠭᠦᠰᠦ ᠶᠢ ᠠᠮᠰᠠᠵᠦ ᠢᠳᠡᠬᠦ ᠦᠶ᠎ᠡ ᠳᠤ ᠳᠣᠷᠤᠭᠤ ᠪᠠᠨ ᠳᠣᠳᠤᠭᠰᠢ ᠨᠤᠭᠤᠯᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号