ᠪᠠᠶᠢᠭᠠᠯᠢ ᠳᠡᠯᠡᠬᠡᠢ ᠶᠢ ᠲᠠᠬᠢᠬᠤ ᠶᠣᠰᠣᠨ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠭᠡᠷ ᠤᠨ | ᠡᠵᠡᠭᠲᠡᠢ ᠡᠷᠲᠡᠯᠡᠨ ᠪᠣᠰᠴᠤ᠂ ᠭᠡᠷ ᠢᠶᠠᠨ ᠨᠠᠷᠠ ᠵᠦᠪ ᠲᠣᠭᠤᠷᠢᠨ ᠭᠤᠷᠢᠶᠠᠯᠠᠵᠤ᠂ ᠶᠢᠷᠳᠢᠨᠴᠤ ᠶᠢᠨ ᠳᠦᠷᠪᠡᠨ ᠵᠦᠭ | ᠨᠡᠢᠮᠡᠨ ᠵᠣᠪᠬᠢᠰ ᠲᠤ ᠬᠠᠨᠳᠤᠨ ᠭᠠᠵᠠᠷ ᠲᠩᠷᠢ ᠶᠢᠨ ᠰᠠᠪᠰᠠᠯᠭ᠎ᠠ ᠪᠠᠷ ᠴᠢᠭ ᠪᠠᠷᠢᠨ ᠴᠠᠭᠠᠨ ᠰᠦᠨ ᠤ ᠳᠡᠭᠡᠵᠢ ᠶᠢ | ᠡᠷᠭᠦᠵᠤ᠂ ᠡᠬᠡ ᠳᠡᠯᠡᠬᠡᠢ ᠪᠠᠨ ᠲᠠᠬᠢᠳᠠᠭ ᠪᠦᠭᠡ ᠶᠢᠨ ᠶᠣᠰᠣ ᠣᠳᠣ ᠶᠢ ᠬᠦᠷᠲᠡᠯ᠎ᠡ ᠤᠯᠠᠮᠵᠢᠯᠠᠭᠳᠠᠨ ᠢᠷᠡᠵᠡᠢ᠃ | ᠲᠡᠷᠡ ᠦᠶ᠎ᠡ ᠶᠢᠨ ᠰᠠᠴᠤᠯᠢ ᠶᠢᠨ ᠬᠠᠯᠪᠠᠭ᠎ᠠ ᠨᠢ ᠨᠢᠭᠡ ᠦᠵᠦᠭᠦᠷ ᠲᠡᠭᠡᠨ ᠰᠠᠴᠤᠯᠢ ᠶᠢᠨ 9 ᠬᠤᠩᠬᠤᠷᠬᠠᠢ ᠲᠠᠢ᠂ | ᠨᠦᠭᠦᠭᠡ ᠦᠵᠤᠭᠦᠷ ᠲᠡᠭᠡᠨ ᠴᠠᠭᠠᠨ ᠬᠢᠯᠭᠠᠰᠤᠨ ᠤᠨᠵᠢᠭᠤᠷᠭ᠎ᠠ ᠲᠠᠢ ᠮᠣᠳᠣᠨ ᠬᠠᠯᠪᠠᠭ᠎ᠠ ᠪᠠᠶᠢᠵᠡᠢ᠃ ᠣᠳᠣ ᠴᠤ | ᠵᠠᠷᠢᠮ ᠨᠤᠲᠤᠭ ᠲᠤ ᠲᠠᠭᠠᠷᠠᠯᠳᠤᠳᠠᠭ᠃ ᠬᠤᠲᠠ ᠪᠠᠨ ᠮᠢᠯᠢᠶᠠᠬᠤ ᠶᠣᠰᠣᠨ᠃ ᠭᠡᠷ ᠤᠨ ᠡᠵᠡᠨ ᠴᠠᠭᠠᠨ ᠰᠠᠷ᠎ᠠ ᠶᠢᠨ | ᠰᠢᠨ᠎ᠡ ᠨᠢᠭᠡᠨ ᠤ ᠦᠷᠯᠦᠭᠡ ᠡᠷᠲᠡᠯᠡᠨ ᠪᠣᠰᠴᠤ᠂ ᠡᠷᠲᠡ ᠭᠠᠷᠤᠭᠰᠠᠨ ᠴᠠᠭᠠᠨ ᠬᠤᠷᠠᠭ᠎ᠠ ᠲᠡᠪᠡᠷᠢᠨ ᠬᠤᠨᠢᠨ ᠤ | ᠬᠤᠲᠠ ᠪᠠᠨ ᠨᠡᠷ᠎ᠡ ᠵᠦᠪ ᠲᠣᠭᠤᠷᠢᠨ ᠢᠷᠦᠭᠡᠯ ᠤᠨ ᠦᠭᠡ ᠬᠡᠯᠡᠳᠡᠭ ᠪᠠᠶᠢᠵᠡᠢ᠃ ᠤᠶᠠᠭ᠎ᠠ ᠮᠢᠯᠢᠶᠠᠬᠤ ᠶᠣᠰᠣᠨ᠃ | ᠡᠨᠡ ᠨᠢ ᠮᠣᠩᠭᠤᠯ ᠡᠷ᠎ᠡ ᠬᠦᠮᠦᠨ ᠤ ᠬᠡᠶᠢᠮᠣᠷᠢ ᠲᠠᠢ ᠣᠯᠠᠨ ᠵᠦᠢᠯ ᠢᠶᠠᠷ ᠬᠤᠯᠪᠣᠭᠳᠠᠳᠠᠭ᠃ ᠴᠠᠭᠠᠨ ᠰᠠᠷ᠎ᠠ ᠶᠢᠨ | ᠰᠢᠨ᠎ᠡ ᠶᠢᠨ ᠨᠢᠭᠡᠨ ᠤ ᠡᠳᠤᠷ ᠢᠶᠠᠨ ᠤᠭᠲᠤᠨ ᠪᠢᠲᠡᠭᠦᠨ ᠤ ᠰᠦᠨᠢ᠂ ᠳᠡᠯ ᠢ ᠨᠢ ᠵᠠᠰᠠᠵᠤ ᠭᠤᠶᠣᠵᠤ ᠶᠠᠩᠵᠤᠯᠠᠭᠰᠠᠨ | ᠴᠠᠭᠠᠨ ᠪᠦᠭᠡᠭᠡᠨ ︵ᠴᠠᠶᠢᠪᠤᠷ︶ ᠵᠢᠰᠦᠮ ᠤᠨ ᠠᠳᠤᠭᠤ ᠤᠶᠠᠵᠤ ᠬᠤᠨᠣᠳᠠᠭ ᠪᠠᠶᠢᠪᠠ᠃ ᠭᠡᠷ ᠤᠨ ᠡᠭᠦᠳᠡ ᠲᠠᠬᠢᠬᠤ | ᠶᠣᠰᠣᠨ᠃ ᠡᠨᠡ ᠶᠣᠰᠣ ᠶᠢ ᠣᠳᠣ ᠭᠦᠷᠳᠡᠯ᠎ᠡ ᠵᠠᠷᠢᠮ ᠨᠤᠲᠤᠭ ᠲᠤ ᠦᠢᠯᠡᠳᠳᠡᠭ᠃ ᠴᠠᠭᠠᠨ ᠰᠠᠷ᠎ᠠ ᠶᠢᠨ ᠰᠢᠨ᠎ᠡ ᠶᠢᠨ | ᠨᠢᠭᠡᠨ ᠤ ᠦᠷᠯᠦᠭᠡ᠂ ᠭᠡᠷ ᠤᠨ ᠪᠠᠷᠠᠭᠤᠨ ᠲᠣᠲᠣᠭᠤᠨ ᠤ ᠳᠡᠭᠡᠳᠦ ᠳᠠᠯ᠎ᠡ ᠳᠤ ᠴᠠᠭᠠᠨ ᠴᠢᠯᠠᠭᠤ᠂ ᠡᠰᠡᠪᠡᠯ ᠴᠠᠭᠠᠨ | ᠭᠦᠷ ᠴᠠᠰᠤ ᠲᠠᠯᠪᠢᠨ ᠲᠣᠭᠲᠠᠭᠠᠵᠤ᠂ ᠰᠠᠶᠢᠨ ᠶᠠᠭᠤᠮᠠᠰ ᠣᠷᠣᠵᠤ ᠢᠷᠡᠬᠦ ᠶᠢ ᠪᠡᠯᠭᠡᠳᠡᠳᠡᠭ᠃ ᠭᠡᠷ ᠢᠶᠠᠨ ᠴᠡᠪᠡᠷᠯᠡᠵᠤ | ᠴᠢᠮᠡᠬᠦ ᠶᠤᠰᠤᠠ᠃ ᠴᠠᠭᠠᠨ ᠰᠠᠷ᠎ᠠ ᠪᠠᠨ ᠤᠭᠲᠤᠨ ᠭᠡᠷ ᠣᠷᠣᠨ ᠢᠶᠠᠨ ᠭᠬᠢᠷ ᠪᠤᠷᠳᠠᠭ ᠠᠴᠠ ᠨᠢ ᠰᠠᠯᠭᠠᠨ ᠤᠭᠢᠶᠠᠵᠤ | ᠴᠡᠪᠡᠷᠯᠡᠬᠦ ᠨᠢ ᠮᠣᠩᠭᠤᠯ ᠲᠤᠭᠤᠷᠭᠠᠲᠠᠨ ᠤ ᠶᠣᠰᠣᠨ᠃ ᠴᠠᠭᠠᠨ ᠰᠠᠷ᠎ᠠ ᠪᠠᠷ ᠠᠯᠢ ᠦᠩᠭᠡ ᠲᠠᠢ ᠭᠡᠰᠡᠨ ᠰᠢᠷᠢᠳᠡᠭ᠂ | ᠣᠯᠪᠣᠭ᠂ ᠬᠡᠪᠢᠰ ᠢᠶᠠᠨ ᠳᠡᠪᠢᠰᠳᠡᠭ᠃ ᠡᠷᠲᠠ ᠦᠶ᠎ᠡ ᠳᠡᠭᠡᠨ ᠰᠢᠨ᠎ᠡ ᠴᠠᠭᠠᠨ ᠢᠰᠡᠭᠡᠢ ᠭᠠᠷᠭᠠᠨ ᠳᠡᠪᠢᠰᠳᠡᠭ | ᠪᠠᠶᠢᠭᠰᠠᠨ ᠭᠡᠨ᠎ᠡ᠃ ᠵᠤᠭᠤᠭ ᠤᠨ ᠴᠠᠭᠠᠨ ᠢᠳᠡᠭᠡ ᠪᠡᠯᠡᠳᠭᠡᠬᠦ ᠶᠣᠰᠣᠨ᠃ ᠭᠡᠷ ᠤᠨ ᠬᠤᠶᠢᠮᠣᠷ ᠲᠤ ᠶᠠᠪᠠᠭᠠᠨ | ᠰᠢᠷᠡᠭᠡ ᠲᠠᠯᠪᠢᠨ ᠪᠢᠰᠢᠯᠠᠭ᠂ ᠬᠡᠪ ᠤᠨ ᠪᠣᠣᠪᠤ ᠪᠠᠷ ᠲᠠᠪᠠᠭ ᠵᠠᠰᠠᠵᠤ᠂ ᠴᠠᠭᠠᠨ ᠢᠳᠡᠭᠡ ᠠᠷᠪᠢᠨ ᠲᠠᠯᠪᠢᠵᠤ᠂ | ᠢᠷᠡᠭᠰᠡᠨ ᠭᠡᠶᠢᠴᠢᠳ ᠲᠤ ᠠᠮᠰᠠᠭᠤᠯᠳᠠᠭ ᠶᠣᠰᠣ ᠪᠣᠯ ᠡᠷᠲᠡᠨ ᠠᠴᠠ ᠤᠯᠠᠮᠵᠢᠯᠠᠯ ᠲᠠᠢ ᠶᠤᠮ᠃ ᠪᠡᠶ᠎ᠡ ᠪᠠᠨ | ᠭᠤᠶᠣᠯᠠᠬᠤ ᠶᠤᠰᠤᠠ᠃ ᠮᠣᠩᠭᠤᠯᠴᠤᠳ ᠴᠠᠭᠠᠨ ᠰᠠᠷ᠎ᠠ ᠪᠠᠷ ᠴᠠᠭᠠᠨ ᠪᠦᠰᠠ ᠲᠣᠷᠭ᠎ᠠ᠂ ᠬᠤᠷᠠᠭᠠᠨ ᠰᠡᠭᠰᠡᠭᠦᠷᠭᠡᠨ | ᠳᠡᠪᠡᠯ ᠡᠮᠤᠰᠴᠤ ᠭᠤᠶᠣᠯᠠᠨ ᠠᠶᠢᠯ ᠰᠠᠭᠠᠬᠠᠯᠳᠠ ᠪᠠᠷ ᠣᠷᠣᠬᠤ ᠳᠠᠭᠠᠨ ᠴᠠᠭᠠᠨ ᠮᠤᠷᠢ ᠭᠦᠯᠦᠭᠯᠡᠨ ᠳᠡᠭᠵᠢᠷᠡᠬᠡᠳᠡᠭ | ᠪᠠᠶᠢᠵᠡᠢ᠃ ᠴᠠᠭᠠᠨ ᠰᠡᠳᠬᠢᠯ ᠢᠶᠠᠨ ᠢᠯᠡᠷᠭᠡᠶᠢᠯᠡᠭᠦ ᠶᠤᠰᠤᠠ᠃ ᠴᠠᠭᠠᠨ ᠰᠠᠷ᠎ᠠ ᠪᠠᠷ ᠮᠠᠭᠤ ᠶᠠᠭᠤᠮ᠎ᠠ ᠶᠠᠷᠢᠳᠠᠭ ᠦᠭᠡᠢ | ᠶᠣᠰᠣ ᠪᠤᠢ᠃ ᠴᠠᠭᠠᠨ ᠰᠡᠳᠬᠢᠯ ᠤᠨ ᠢᠯᠡᠷᠬᠡᠶᠢᠯᠡᠯ ᠪᠣᠯᠭᠠᠨ ᠴᠠᠭᠠᠨ ᠬᠤᠷᠠᠭᠠᠨ ᠨᠢᠳᠤᠷᠭ᠎ᠠ ᠪᠠᠨ ᠨᠢᠭᠡ ᠤᠳᠠᠭ᠎ᠠ | ᠰᠡᠭᠰᠦᠷᠴᠤ᠂ ᠰᠡᠳᠬᠢᠯ ᠢᠶᠠᠨ ᠢᠯᠡᠷᠬᠡᠶᠢᠯᠡᠨ ᠵᠣᠯᠭᠠᠳᠠᠭ ᠪᠠᠶᠢᠭᠰᠠᠨ ᠶᠤᠮ ᠪᠠᠶᠢᠨ᠎ᠠ᠃ ᠬᠤᠵᠢᠮ ᠨᠢ ᠬᠠᠳᠠᠭ ᠪᠠᠷᠢᠨ | ᠵᠣᠯᠭᠠᠳᠠᠭ ᠪᠣᠯᠵᠠᠢ᠃ ᠵᠣᠯᠭᠠᠭᠰᠠᠨ ᠤ ᠳᠠᠷᠠᠭ᠎ᠠ ᠰᠡᠳᠬᠢᠯ ᠢᠶᠠᠨ ᠨᠡᠭᠡᠭᠡᠨ ᠦᠭᠡ ᠰᠣᠯᠢᠯᠴᠠᠵᠤ᠂ ᠬᠠᠰ ᠭᠠᠩᠰᠠ᠂ | ᠭᠦᠭᠦᠤᠷ ᠭᠠᠷᠭᠠᠨ ᠵᠦᠷᠢᠭᠦᠯᠵᠤ᠂ ᠰᠡᠳᠬᠢᠯ ᠤᠨ ᠭᠦᠨ ᠳᠤ ᠶᠠᠭᠤᠮ᠎ᠠ ᠦᠯᠡᠳᠡᠭᠰᠡᠨ ᠪᠣᠯ ᠲᠠᠶᠢᠯᠵᠤ᠂ ᠪᠡᠶ᠎ᠡ | ᠪᠠᠶ᠎ᠡ ᠳᠡᠭᠡᠨ ᠨᠠᠶᠢᠷᠰᠠᠭ ᠰᠠᠶᠢᠬᠠᠨ ᠢᠷᠤᠭᠡᠯ ᠬᠡᠯᠡᠵᠦ ᠬᠠᠷᠢᠯᠴᠠᠳᠠᠭ ᠰᠠᠶᠢᠬᠠᠨ ᠶᠣᠰᠣ ᠦᠨᠤᠳᠤᠷ ᠢ ᠬᠦᠷᠲᠡᠯ᠎ᠡ | ᠲᠦᠮᠡᠨ ᠤ ᠳᠤᠮᠳᠠ ᠤᠯᠠᠮᠵᠢᠯᠠᠭᠳᠠᠨ ᠦᠯᠡᠳᠡᠭᠰᠡᠨ ᠪᠢᠯᠡ᠃ ᠭᠠᠷ ᠴᠠᠶᠢᠯᠭᠠᠬᠤ ᠶᠣᠰᠣᠨ᠃ ᠡᠷᠲᠡ ᠳᠡᠭᠡᠷ᠎ᠡ | ᠦᠶ᠎ᠡ ᠳᠤ ᠪᠡᠯᠡᠭ ᠭᠡᠳᠡᠭ ᠣᠶᠢᠯᠠᠭᠠᠯᠲᠠ ᠪᠠᠶᠢᠭᠰᠠᠨ ᠦᠭᠡᠢ᠂ ᠬᠠᠷᠢᠨ ᠬᠡᠦᠬᠡᠳ ᠨᠡᠰᠤᠳᠠᠶᠢᠴᠤᠳ᠂ ᠢᠷᠡᠭᠡ ᠦᠭᠡᠢ | ᠤᠳᠠᠭᠰᠠᠨ ᠠᠶᠢᠯᠴᠢᠨ ᠭᠡᠶᠢᠴᠢᠨ ᠳᠤ ᠭᠠᠷ ᠴᠠᠶᠢᠯᠭᠠᠬᠤ ᠭᠡᠬᠦ ᠶᠣᠰᠣ ᠪᠠᠶᠢᠭᠰᠠᠨ ᠶᠤᠮ ᠪᠠᠶᠢᠨ᠎ᠠ᠃ ᠬᠤᠰᠢᠭᠤ | ᠲᠣᠷᠭ᠎ᠠ ︵ᠭᠤᠷᠪᠠᠯᠵᠢᠨ ᠪᠤᠯᠭᠠᠭᠰᠠᠨ ᠳᠤᠷᠭ᠎ᠠ︶ ᠳᠤ ᠬᠡᠪ ᠤᠨ ᠪᠣᠣᠪᠤ᠂ ᠬᠠᠪᠰᠠᠢ᠂ ᠪᠢᠰᠢᠯᠠᠭ᠂ ᠠᠭᠠᠷᠤᠤᠯ᠂ | ᠴᠠᠭᠠᠨ ᠢᠳᠡᠭᠡᠨ ᠪᠣᠭᠤᠵᠤ ᠦᠭᠳᠡᠭ ᠪᠠᠶᠢᠵᠡᠢ᠃ ᠡᠶᠢᠨ ᠬᠦ ᠴᠠᠭᠠᠨ ᠰᠠᠷ᠎ᠡ ᠭᠡᠰᠡᠨ ᠤ ᠤᠴᠢᠷ ᠨᠢ ᠴᠠᠭᠠᠨ ᠦᠢᠯᠡ᠂ | ᠤᠷᠢᠨ ᠴᠠᠭ ᠢ ᠬᠠᠪᠤᠷ ᠤᠨ ᠲᠡᠷᠢᠭᠦᠨ ᠰᠠᠷ᠎ᠠ ᠪᠠᠷ ᠪᠡᠯᠭᠡᠳᠡᠶ᠎ᠡ ᠭᠡᠰᠡᠨ ᠤᠳᠬ᠎ᠠ ᠲᠠᠢ ᠪᠤᠯᠤᠯᠳᠠᠢ᠃ | ᠮᠣᠩᠭᠤᠯᠴᠤᠳ ᠤᠨ ᠰᠡᠳᠬᠢᠯ ᠢᠶᠠᠨ ᠠᠷᠢᠭᠤᠨ ᠴᠠᠭᠠᠨ ᠪᠠᠶᠢᠯᠭᠠᠶ᠎ᠠ ᠭᠡᠰᠡᠨ ᠡᠷᠡᠮᠡᠯᠵᠡᠯ ᠤᠨ ᠤᠬᠠᠭᠠᠨ᠂ ᠠᠬᠠᠨ | ᠳᠡᠭᠦᠤᠰ ᠢᠶᠠᠷ ᠢᠶᠠᠨ ᠡᠪᠲᠡᠢ ᠡᠶᠡᠲᠡᠢ ᠣᠷᠣᠰᠢᠶᠡ ᠭᠡᠰᠡᠨ ᠤᠷᠤᠭ ᠤᠨ ᠤᠬᠠᠭᠠᠨ᠂ ᠪᠠᠶᠢᠭᠠᠯᠢ ᠳᠡᠯᠡᠬᠡᠢ ᠣᠷᠴᠢᠨ ᠢᠶᠠᠨ | ᠰᠢᠲᠦᠵᠦ ᠠᠮᠢᠵᠢᠷᠠᠶᠠ ᠭᠡᠰᠡᠨ ᠠᠵᠤ ᠳᠦᠷᠦᠭᠦ ᠶᠢᠨ ᠤᠬᠠᠭᠠᠨ ᠁ ᠭᠡᠳ ᠣᠯᠠᠨ ᠲᠠᠯ᠎ᠠ ᠲᠠᠢ ᠮᠣᠩᠭᠤᠯ | ᠤᠬᠠᠭᠠᠨ ᠢᠶᠠᠷ ᠪᠦᠲᠦᠭᠡᠭᠳᠡᠭᠰᠡᠨ᠂ ᠤᠷᠤᠰᠤᠨ ᠢᠷᠡᠵᠦ ᠪᠤᠢ ᠤᠷᠢᠨ ᠴᠠᠭ ᠢ ᠴᠠᠭᠠᠨ ᠢᠶᠠᠷ ᠤᠭᠲᠤᠨ ᠵᠣᠯᠭᠠᠬᠤ ᠶᠢ | ᠪᠡᠯᠭᠡᠰᠢᠶᠡᠭᠰᠡᠨ ᠮᠣᠩᠭᠤᠯ ᠰᠤᠶᠤᠯ ᠤᠨ ᠭᠠᠶᠢᠬᠠᠮᠰᠢᠭᠲᠤ ᠦᠪ᠂ ᠤᠯᠠᠮᠵᠢᠯᠠᠯᠲᠤ ᠶᠣᠰᠣ ᠶᠤᠮ ᠪᠠᠶᠢᠨ᠎ᠠ ᠰᠢᠦ | ᠭᠡᠳᠡᠭ ᠢ ᠯᠠ ᠢᠯᠡᠳᠬᠡᠨ ᠬᠡᠯᠡᠵᠤ ᠪᠠᠶᠢᠨ᠎ᠠ᠃ ︵ᠮᠤᠩᠭᠤᠯ ᠤᠨ ᠰᠦᠯᠵᠢᠶ᠎ᠡ ᠠᠴᠠ ᠮᠡᠷᠡᠯ ᠭᠦᠷᠪᠡᠭᠦᠯᠪᠠ︶ |