ᠬᠠᠳᠠᠭ ᠪᠠᠷᠢᠬᠤ ᠶᠤᠰᠤᠨ
ᠨᠡᠶᠢᠲᠡᠯᠡᠭᠰᠡᠨ ᠴᠠᠭ᠄
2024/1/26
   ᠮᠣᠩᠭᠤᠯᠴᠤᠳ ᠬᠠᠳᠠᠭ ᠢ ᠡᠳ᠋ ᠤᠨ ᠮᠠᠩᠯᠠᠢ ᠪᠣᠯᠭᠠᠨ ᠪᠠᠷᠢᠳᠠᠭ᠃ ᠬᠠᠳᠠᠭ ᠨᠢ ᠬᠡ ᠤᠭᠠᠯᠵᠠ᠂ ᠦᠰᠦᠭ ᠴᠢᠮᠡᠭ ᠢᠶᠠᠷ ᠢᠶᠠᠨ ᠮᠠᠰᠢ ᠣᠯᠠᠨ ᠶᠠᠩᠵᠤ ᠪᠥᠭᠡᠳ ᠤᠷᠲᠤ ᠪᠣᠭᠤᠨᠢ ᠪᠠᠷ ᠢᠶᠠᠨ ᠴᠦ ᠬᠠᠷᠢᠯᠴᠠᠨ ᠠᠳᠠᠯᠢ ᠦᠭᠡᠢ ᠪᠠᠶᠢᠨ᠎ᠠ᠃ ᠬᠡ ᠴᠢᠮᠡᠭ ᠤᠨ ᠪᠠᠶᠢᠳᠠᠯ ᠢᠶᠠᠷ ᠬᠥᠮᠥᠨ ᠤ ᠳᠦᠷᠰᠦ ᠲᠠᠢ ᠠᠶᠤᠰᠢ ᠬᠠᠳᠠᠭ ᠢ ᠡᠴᠢᠭᠡ ᠡᠬᠡ᠂ ᠠᠬᠠᠮᠠᠳ ᠨᠠᠰᠤᠲᠠᠨ᠂ ᠡᠷᠬᠢᠮ ᠬᠥᠮᠥᠨ ᠳᠤ ᠭᠤᠣᠯᠴᠢᠯᠠᠨ ᠪᠠᠷᠢᠬᠤ ᠪᠥᠭᠡᠳ ᠨᠠᠷᠠ᠂ ᠰᠠᠷ᠎ᠠ᠂ ᠦᠰᠦᠭ ᠪᠦᠬᠦᠢ ᠨᠠᠩᠵᠢᠸᠠᠩᠳᠠᠨ ᠬᠠᠳᠠᠭ ᠢ ᠶᠡᠬᠡᠪᠴᠢᠯᠡᠨ ᠣᠷᠣᠰᠢᠭᠤᠯᠭ᠎ᠠ ᠶᠢᠨ ᠶᠣᠰᠣᠯᠠᠯ ᠳᠤ ᠬᠡᠷᠡᠭᠯᠡᠨ᠎ᠡ᠃ ᠬᠠᠳᠠᠭ ᠢ ᠪᠠᠷᠢᠬᠤ ᠬᠥᠮᠥᠨ ᠤᠷᠤᠭᠤ ᠪᠠᠨ ᠠᠮᠠ ᠶᠢ ᠨᠢ ᠬᠠᠷᠠᠭᠤᠯᠵᠤ ᠡᠷᠡᠮᠪᠡ ᠪᠠᠷ ᠮᠡᠬᠦ᠋ᠢᠬᠦ ᠶᠤᠮ ᠦᠦ᠂ ᠰᠥᠭᠦᠳᠴᠦ ᠪᠠᠷᠢᠨ᠎ᠠ᠃ ᠠᠪᠬᠤ ᠬᠥᠮᠥᠨ ᠨᠢ ᠬᠠᠷᠢᠭᠤ ᠮᠡᠬᠦᠰᠬᠢᠨ ᠬᠠᠳᠠᠭ ᠢ ᠬᠤᠶᠠᠷ ᠭᠠᠷᠳᠠᠨ ᠠᠪᠤᠭᠠᠳ ᠨᠢᠮᠪᠠᠢ ᠡᠪᠬᠡᠵᠦ ᠬᠢᠮᠠᠭᠠᠳᠠᠬᠤ ᠶᠣᠰᠣᠲᠠᠢ᠃    ᠬᠠᠳᠠᠭ ᠢ ᠪᠠᠷᠢᠬᠤ ᠳᠠᠭᠠᠨ ᠶᠣᠰᠣᠯᠠᠯ ᠤᠨ ᠲᠤᠬᠠᠢ ᠪᠡᠯᠭᠡ ᠲᠠᠢ ᠦᠭᠡ ᠬᠡᠯᠡᠵᠦ ᠰᠡᠭᠦᠯ ᠳᠤ ᠨᠢ ᠪᠠᠶᠠᠷ  ᠲᠤ ᠨᠡᠶᠢᠴᠡᠭᠦᠯᠦᠨ ᠪᠠᠷᠢᠬᠤ ᠬᠠᠳᠠᠭ ᠤᠨ ᠢᠶᠠᠨ ᠲᠤᠬᠠᠢ ᠳᠤ ᠳᠣᠣᠷᠠᠬᠢ ᠦᠭᠡ ᠶᠢᠨ ᠠᠯᠢ ᠨᠢᠭᠡ ᠶᠢ ᠬᠡᠯᠡᠵᠦ ᠬᠠᠳᠠᠭ ᠢᠶᠠᠨ ᠭᠠᠷᠳᠠᠭᠤᠯᠤᠨ᠎ᠠ᠃   ᠬᠠᠳᠠᠭ ᠪᠠᠷᠢᠵᠤ ᠵᠣᠯᠭᠠᠬᠤ ᠶᠣᠰᠣᠨ ︵ᠬᠠᠳᠠᠭ ᠢᠶᠠᠨ ᠲᠡᠷᠡ ᠬᠥᠮᠥᠨ ᠳᠡᠭᠡᠨ ᠦᠯᠡᠳᠡᠭᠡᠨ᠎ᠡ︶ ᠥᠨᠳᠥᠷ ᠨᠠᠰᠤᠲᠠᠨ ᠪᠤᠶᠤ ᠨᠤᠲᠤᠭ ᠤᠰᠤᠨ ᠳᠠᠭᠠᠨ ᠨᠡᠷ᠎ᠡ ᠲᠠᠢ ᠬᠥᠮᠥᠰ ᠲᠤ ᠬᠠᠳᠠᠭ ᠪᠠᠷᠢᠵᠤ ᠵᠣᠯᠭᠠᠬᠤ ᠶᠣᠰᠣᠲᠠᠢ ᠪᠠᠶᠢᠳᠠᠭ᠃ ᠳᠡᠭᠦᠦ ᠬᠥᠮᠥᠨ ᠬᠠᠳᠠᠭ ᠢᠶᠠᠨ ᠭᠠᠷᠭᠠᠵᠤ ᠠᠮᠠ ᠶᠢ ᠨᠢ ᠵᠣᠯᠭᠠᠬᠤ ᠬᠥᠮᠥᠨ ᠲᠡᠰᠢ ᠬᠠᠷᠠᠭᠤᠯᠵᠤ ᠬᠤᠶᠠᠷ ᠭᠠᠷᠳᠠᠨ ᠪᠠᠷᠢᠭᠰᠠᠭᠠᠷ ᠵᠣᠯᠭᠠᠵᠤ ᠪᠤᠢ ᠬᠥᠮᠥᠨ ᠤ ᠬᠤᠶᠠᠷ ᠭᠠᠷ ᠳᠡᠭᠡᠷ᠎ᠡ ᠲᠠᠯᠪᠢᠭᠰᠠᠨ ᠤ ᠳᠠᠷᠠᠭ᠎ᠠ ᠵᠣᠯᠭᠠᠨ᠎ᠠ᠃ ᠬᠠᠳᠠᠭ ᠠᠪᠴᠤ ᠪᠠᠶᠢᠭ᠎ᠠ ᠬᠥᠮᠥᠨ ᠬᠠᠳᠠᠭ ᠢᠶᠠᠨ ᠬᠠᠪᠰᠤᠷᠤᠨ ᠬᠤᠷᠢᠶᠠᠭᠠᠳ ᠮᠥᠨ ᠬᠠᠳᠠᠭ ᠲᠠᠢ ᠪᠠᠨ ᠵᠣᠯᠭᠠᠵᠤ ᠴᠦ ᠪᠣᠯᠣᠨ᠎ᠠ᠃ ᠬᠠᠳᠠᠭ ᠲᠠᠯᠪᠢᠵᠤ ᠪᠤᠢ ᠬᠥᠮᠥᠨ ᠬᠠᠳᠠᠭ ᠢᠶᠠᠷ ᠢᠶᠠᠨ ᠪᠦᠬᠦ ᠬᠤᠷᠤᠭᠤ ᠶᠢ ᠨᠢ ᠪᠦᠲᠦᠭᠡᠵᠦ ᠪᠣᠯᠬᠤ ᠦᠭᠡᠢ ᠃ ᠬᠠᠳᠠᠭ ᠢᠶᠠᠨ ᠡᠷᠡᠬᠡᠢ ᠬᠤᠷᠤᠭᠤᠨ ᠳᠤ ᠨᠢ ᠲᠤᠯᠭᠠᠵᠤ ᠠᠯᠭᠠᠨ ᠳᠤ ᠨᠢ ᠪᠠᠭᠲᠠᠭᠠᠵᠤ ᠲᠠᠯᠪᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号