ᠮᠣᠩᠭᠤᠯ ᠣᠳᠣᠮ ᠤᠨ ᠭᠡᠷ ᠤᠨ ᠰᠣᠷᠭᠠᠯ ᠤᠨ ᠵᠦᠢᠯ
ᠨᠡᠶᠢᠲᠡᠯᠡᠭᠰᠡᠨ ᠴᠠᠭ᠄
2024/1/26
   ᠮᠣᠩᠭᠤᠯᠴᠣᠳ ᠬᠡᠦᠬᠡᠳ ᠢᠶᠠᠨ ᠪᠢᠴᠢᠬᠠᠨ ᠠᠴᠠ ᠪᠣᠳᠠᠭ᠎ᠠ ᠢᠳᠡᠵᠦ ᠴᠢᠳᠠᠬᠤ ᠶᠢᠨ ᠦᠶ᠎ᠡ᠂ ᠪᠠᠷᠠᠭᠤᠨ ᠭᠠᠷ ᠢᠶᠠᠷ ᠰᠠᠪᠬ᠎ᠠ ᠪᠠᠷᠢᠬᠤ ᠶᠢ ᠰᠣᠷᠭᠠᠮᠣᠢ᠃ ᠵᠡᠭᠦᠨ ᠭᠠᠷ ᠢ ᠰᠣᠯᠣᠭᠠᠢ ᠬᠡᠮᠡᠵᠦ ᠠᠯᠢᠪᠠ ᠶᠠᠭᠤᠮ᠎ᠠ ᠶᠢ ᠣᠷᠢᠳ  ᠢᠶᠠᠷ ᠠᠳᠬᠤᠭᠤᠯᠬᠤ ᠦᠭᠡᠢ᠂ ᠪᠠᠷᠠᠭᠤᠨ ᠭᠠᠨᠷ ᠢ ᠣᠷᠢᠳ ᠢᠶᠠᠷ ᠶᠠᠭᠤᠮ᠎ᠠ ᠵᠦᠢᠯ ᠢ ᠪᠠᠷᠢᠭᠤᠯᠬᠤ ᠶᠢ ᠰᠣᠷᠭᠠᠮᠣᠢ᠃ ᠪᠠᠰᠠ ᠨᠢᠭᠡᠨ ᠵᠦᠢᠯ ᠪᠤᠯᠪᠠᠰᠦ ᠬᠦᠪᠡᠭᠦᠨ ᠬᠦᠩᠭᠡᠵᠢᠪᠡᠰᠦ ᠡᠭᠦᠳᠡᠨ ᠲᠡᠭᠡᠷ᠎ᠡ ᠨᠣᠮᠣ ᠰᠣᠮᠣ ᠶᠢ ᠡᠯᠭᠦᠮᠣᠢ᠃ ᠦᠬᠢᠨ ᠬᠦᠩᠭᠡᠵᠢᠪᠡᠰᠦ ᠣᠯᠠᠭᠠᠨ ᠭᠬᠢᠪ ᠢ ᠡᠭᠦᠳᠡᠨ ᠲᠡᠭᠡᠷ᠎ᠡ ᠡᠯᠭᠦᠮᠤᠢ᠃ ᠡᠭᠦᠪᠡᠷ ᠲᠡᠮᠳᠡᠭ ᠴᠢᠮᠡᠭ ᠪᠤᠯᠭᠠᠵᠦ ᠦᠬᠢᠨ ᠬᠦᠪᠡᠭᠦᠨ ᠬᠦᠩᠭᠡᠵᠢᠭᠰᠡᠨ ᠢ ᠢᠯᠭᠠᠵᠦ ᠮᠡᠳᠡᠮᠣᠢ᠃ ᠪᠢᠴᠢᠬᠠᠨ ᠬᠦᠪᠡᠭᠦᠳ ᠤᠨ ᠨᠠᠭᠠᠳᠬᠤ ᠶᠠᠭᠤᠮ᠎ᠠ ᠪᠣᠯᠪᠠᠯ ᠬᠤᠨᠢᠨ ᠤ ᠱᠠᠭ᠎ᠠ᠂ ᠭᠠᠷ ᠪᠢᠯᠠᠭᠤ ᠪᠣᠯᠠᠢ᠃ ᠪᠢᠴᠢᠬᠠᠨ ᠦᠬᠢᠳ ᠤᠨ ᠨᠠᠭᠠᠳᠬᠤ ᠶᠠᠭᠤᠮ᠎ᠠ ᠪᠣᠯᠪᠠᠰᠦ ᠬᠠᠵᠢᠣᠬᠠᠢ᠂ ᠦᠭᠡᠳᠡᠰᠦ ᠵᠡᠭᠦᠪᠴᠢ᠂ ᠬᠠᠪᠳᠠᠭ᠎ᠠ ᠪᠣᠯᠠᠢ᠃ ᠡᠴᠢᠭᠡ᠂ ᠠᠬ᠎ᠠ ᠨᠠᠷ ᠪᠣᠯᠪᠠᠰᠦ ᠬᠦᠪᠡᠭᠦᠳ ᠲᠡᠭᠦᠦᠨᠡᠷ ᠲᠡᠭᠡᠨ᠂ ᠲᠠᠪᠤ ᠵᠢᠷᠭᠤᠭᠠᠨ ᠨᠠᠰᠣᠯᠠᠭᠰᠠᠨ ᠦᠶ᠎ᠡ ᠭᠠᠷ ᠪᠢᠯᠠᠭᠤ᠂ ᠨᠣᠮᠣ ᠰᠣᠮᠣ ᠬᠢᠵᠦ ᠦᠭᠭᠦᠭᠡᠳ᠂ ᠪᠢᠯᠠᠭᠤ ᠪᠠᠷ ᠴᠠᠭᠠᠷᠢᠭ ᠢ ᠴᠣᠬᠢᠭᠤᠯᠵᠦ ᠭᠠᠷ ᠣᠨᠣᠪᠴᠢᠳᠠᠢ ᠢ ᠰᠣᠷᠭᠠᠵᠦ ᠨᠠᠭᠠᠳᠣᠭᠤᠯᠤᠨ᠂ ᠨᠣᠮᠣ ᠰᠣᠮᠣ ᠪᠠᠷ ᠫᠠᠢ᠂ ᠪᠣᠰᠤᠭ᠎ᠠ ᠮᠠᠯᠠᠭ᠎ᠠ ᠶᠢ ᠬᠠᠷᠪᠣᠭᠤᠯᠵᠦ ᠵᠢᠭᠠᠨ ᠰᠣᠷᠭᠠᠨ ᠨᠠᠭᠠᠳᠣᠭᠤᠯᠣᠮᠣᠢ᠃ ᠦᠬᠢᠨ ᠲᠠᠪᠤ ᠵᠢᠷᠭᠤᠭᠠᠨ ᠨᠠᠰᠣᠳᠠᠢ ᠪᠤᠯᠬᠤ ᠦᠶ᠎ᠡ ᠡᠬᠡ ᠡᠭᠡᠴᠢ ᠨᠠᠷ ᠬᠠᠵᠢᠣᠬᠠᠢ ᠬᠢᠬᠦ᠂ ᠵᠡᠭᠦᠪᠴᠢ ᠣᠶᠣᠬᠤ᠂ ᠵᠡᠭᠦᠦ ᠣᠳᠠᠰᠦ ᠶᠢ ᠬᠡᠷᠡᠭᠯᠡᠬᠦ ᠶᠢ ᠵᠢᠭᠠᠵᠦ ᠦᠭᠭᠦᠭᠡᠳ ᠨᠠᠭᠠᠳᠬᠤ ᠶᠠᠭᠤᠮ᠎ᠠ ᠪᠣᠯᠭᠠᠵᠦ ᠰᠣᠷᠭᠠᠮᠣᠢ᠃ ᠪᠠᠰᠠ ᠦᠬᠢᠳ ᠬᠦᠪᠡᠭᠦᠳ ᠢ ᠪᠢᠴᠢᠬᠠᠨ ᠠᠴᠠ ᠨᠢ ᠨᠠᠰᠣᠳᠠᠢ ᠬᠦᠮᠦᠨ  ᠲᠠᠢ ᠣᠴᠠᠷᠠᠪᠠᠯ ᠡᠪᠦᠭᠡᠨ ᠠᠪᠤ ᠠᠪᠠᠭ᠎ᠠ ᠠᠵᠢ᠂ ᠨᠠᠰᠣᠳᠠᠢ ᠡᠵᠢ ᠬᠡᠮᠡᠨ ᠲᠠᠭᠤᠳᠠᠬᠤ ᠶᠢ ᠵᠢᠭᠠᠵᠦ ᠰᠣᠷᠭᠠᠳᠠᠭ᠃ ᠠᠷᠪᠠᠨ ᠨᠠᠰᠦ ᠠᠬ᠎ᠠ ᠠᠴᠠ ᠲᠡᠭᠡᠭᠰᠢ ᠬᠦᠮᠦᠨ ᠢ ᠡᠴᠢᠭᠡ᠂ ᠡᠬᠡ ᠶᠢᠨ ᠬᠤᠪᠢ ᠮᠡᠳᠦ ᠲᠠᠭᠤᠳᠠᠵᠦ ᠬᠦᠨᠳᠦᠯᠦᠮᠣᠢ᠃ ᠬᠦᠪᠡᠭᠦᠳ ᠦᠬᠢᠳ ᠲᠣᠯᠤᠭ᠎ᠠ ᠨᠠᠢᠮᠠ ᠨᠠᠰᠣᠯᠠᠮᠠᠭᠴᠠ ᠠᠳᠣᠭᠤ ᠮᠠᠯ ᠤᠨ ᠵᠢᠰᠦ ᠦᠩᠭᠡ ᠶᠢ ᠵᠢᠭᠠᠵᠦ ᠰᠣᠷᠭᠠᠳᠠᠭ᠃ ᠡᠷ᠎ᠡ ᠬᠦᠢᠰᠦ ᠶᠢᠨ ᠮᠠᠯ ᠳᠤ ︽ᠴᠢᠨ︾ ᠬᠡᠮᠡᠬᠦ ᠦᠰᠦᠭ ᠣᠷᠣᠬᠤ ᠦᠭᠡᠢ᠂ ᠡᠮ᠎ᠡ ᠬᠦᠢᠰᠦ ᠶᠢᠨ ᠮᠠᠯ ᠳᠤ ︽ᠴᠢᠨ︾ ᠬᠡᠮᠡᠬᠦ ᠦᠰᠦᠭ ᠢ ᠬᠡᠷᠡᠭᠯᠡᠮᠣᠢ᠃ ᠵᠢᠱᠢᠶᠡᠯᠡᠪᠡᠯ᠄ ᠬᠦᠬᠡ ᠦᠬᠡᠷ᠂ ᠬᠦᠬᠡᠭᠴᠢᠨ ᠦᠨᠢᠶ᠎ᠡ ᠁ ᠭᠡᠬᠦ ᠮᠡᠳᠦ᠃ ᠡᠷᠳᠡ ᠴᠠᠭ ᠲᠤ᠂ ᠪᠢᠴᠢᠬᠠᠨ ᠦᠬᠢᠳ ᠬᠦᠪᠡᠭᠦᠳ ᠲᠤ ᠪᠠᠨ ᠪᠠᠭᠠᠳᠣᠷ ᠶᠠᠪᠣᠭᠰᠠᠨ ᠬᠦᠮᠦᠨ ᠢ ᠵᠢᠭᠠᠵᠦ ᠶᠠᠮᠠᠷ ᠬᠦᠮᠦᠨ ᠪᠠᠭᠠᠳᠣᠷ ᠬᠦᠴᠦᠨ ᠢᠶᠠᠷ ᠶᠠᠮᠠᠷ ᠶᠡᠭᠡ ᠦᠢᠯᠡᠰ ᠢ ᠪᠦᠳᠦᠭᠡᠪᠡ ᠬᠡᠮᠡᠨ ᠡᠴᠢᠭᠡ ᠡᠬᠡ ᠡᠳᠦᠷ ᠪᠦᠷᠢ ᠬᠡᠯᠡᠬᠦ ᠲᠤᠯᠠ ᠪᠢᠴᠢᠬᠠᠨ ᠬᠡᠦᠬᠡᠳ ᠪᠠᠭᠠᠳᠣᠷ ᠢ ᠲᠠᠭᠤᠷᠢᠶᠠᠨ ᠶᠠᠪᠣᠬᠤ ᠨᠢ ᠣᠯᠠᠨ ᠪᠦᠯᠦᠭᠡ᠃ ᠯᠣᠪᠰᠠᠩᠴᠦ᠋ᠢᠳᠠᠨ ᠤ ︽ᠮᠤᠩᠭᠤᠯ ᠤᠨ ᠵᠠᠩ ᠠᠭᠠᠯᠢ ᠶᠢᠨ ᠣᠶᠢᠯᠠᠪᠣᠷᠢ︾ ᠠᠴᠠ ᠬᠡᠰᠡᠭᠯᠡᠨ ᠪᠠᠭᠤᠯᠭᠠᠪᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号