ᠰᠢᠨᠵᠢᠯᠡᠬᠦ ᠤᠬᠠᠭᠠᠨᠲᠠᠳ ᠤᠨ ᠢᠯᠡᠷᠡᠭᠦᠯᠦᠭᠰᠡᠨ ᠢᠶᠠᠷ᠂ ᠥᠷᠯᠥᠭᠡ ᠶᠢᠨ ᠬᠤᠭᠤᠯᠠᠨ ᠳᠤ ᠤᠭᠤᠷᠠᠭ ᠢᠳᠡᠭᠰᠡᠨ | ᠨᠢ ᠬᠦᠷᠦᠯᠴᠡᠬᠦ ᠦᠭᠡᠢ ᠪᠣᠯ ᠥᠯᠥᠰᠬᠦ ᠶᠢ ᠲᠦᠷᠭᠡᠳᠬᠡᠵᠦ᠂ ᠪᠥᠬᠦ ᠡᠳᠦᠷ ᠤᠨ ᠡᠨᠧᠷᠭᠢ ᠶᠢᠨ ᠣᠷᠣᠭᠤᠯᠤᠯᠲᠠ | ᠪᠠᠷᠢᠮᠵᠢᠶ᠎ᠠ ᠠᠴᠠ ᠬᠡᠲᠦᠷᠡᠵᠦ᠂ ᠨᠠᠩ ᠠᠮᠠᠷᠬᠠᠨ ᠮᠠᠷᠢᠶᠠᠯᠠᠭᠤᠯᠵᠤ ᠮᠡᠳᠡᠨ᠎ᠡ᠃ ᠰᠤᠳᠤᠯᠭᠠᠲᠠᠳ ᠤᠨ | ᠢᠯᠡᠷᠡᠭᠦᠯᠦᠭᠰᠡᠨ ᠢᠶᠠᠷ᠂ ᠥᠷᠯᠥᠭᠡ ᠶᠢᠨ ᠬᠤᠭᠤᠯᠠᠨ ᠳᠤ ᠤᠭᠤᠷᠠᠭ ᠭᠦᠢᠴᠡᠳ ᠢᠳᠡᠭᠰᠡᠨ ᠦᠭᠡᠢ ᠪᠣᠯ ᠪᠡᠶ᠎ᠡ | ᠮᠠᠬᠠᠪᠤᠳ ᠴᠢᠨᠢ ᠴᠢᠮ᠎ᠡ ᠳᠤ ︽ᠥᠯᠥᠰᠴᠤ︾ ᠪᠠᠶᠢᠨ᠎ᠠ ᠭᠡᠰᠡᠨ ᠲᠤᠬᠢᠶ᠎ᠠ ᠦᠭᠳᠡᠭ᠂ ᠡᠶᠢᠮᠣ ᠠᠴᠠ ᠭᠤᠷᠪᠠᠨ | ᠴᠠᠭ ᠤᠨ ᠬᠤᠭᠤᠯᠠ ᠢᠳᠡᠯ᠎ᠡ ᠴᠦ ᠬᠡᠰᠡᠨ ᠪᠠᠰᠠ ᠬᠤᠪᠳᠤᠭ ᠬᠦᠷᠳᠡᠭ᠃ ᠥᠷᠯᠥᠭᠡ ᠶᠢᠨ ᠬᠤᠭᠤᠯᠠᠨ ᠳᠠᠬᠢ | ᠤᠭᠤᠷᠠᠭ ᠤᠨ ᠬᠠᠷᠢᠴᠠᠯ ᠢᠶᠠᠨ ᠳᠡᠭᠡᠭᠰᠢᠯᠡᠭᠦᠯᠪᠡᠯ᠂ ᠪᠥᠬᠦ ᠡᠳᠦᠷ ᠤᠨ ᠡᠨᠧᠷᠭᠢ ᠶᠢᠨ ᠰᠢᠩᠭᠡᠭᠡᠯᠲᠡ ᠶᠢ | ᠪᠠᠭᠠᠰᠬᠠᠬᠤ ᠪᠠᠷ ᠪᠠᠷᠠᠬᠤ ᠦᠭᠡᠢ᠂ ᠪᠠᠰᠠ ᠮᠠᠷᠢᠶ᠎ᠠ ᠲᠠᠢ ᠬᠥᠮᠥᠨ ᠤ ᠪᠡᠶ᠎ᠡ ᠶᠢᠨ ᠬᠦᠨᠳᠦ ᠪᠠ ᠪᠡᠶ᠎ᠡ ᠶᠢᠨ ᠥᠭᠡᠬᠦ ᠴᠦ | ᠨᠠᠩ ᠲᠦᠷᠭᠡᠨ ᠪᠠᠭᠤᠷᠠᠭᠤᠯᠳᠠᠭ᠃ ᠡᠳᠦᠷ ᠪᠦᠷᠢ ᠤᠭᠤᠷᠠᠭ ᠶᠡᠬᠡᠲᠡᠢ ᠥᠷᠯᠥᠭᠡ ᠶᠢᠨ ᠬᠤᠭᠤᠯᠠ ᠢᠳᠡᠬᠦ ᠶᠢ | ᠪᠠᠷᠢᠮᠲᠠᠯᠠᠵᠤ ᠪᠠᠶᠢᠭ᠎ᠠ ᠵᠠᠯᠠᠭᠤ ᠪᠠᠭᠠᠴᠤᠳ ᠤᠨ ᠪᠡᠶ᠎ᠡ ᠨᠢ ᠠᠶᠠᠨᠳᠠᠭᠠᠨ 400 ᠺᠠᠯᠤᠷᠢ ᠬᠢᠷᠢᠲᠡᠢ ᠢᠳᠡᠭᠡᠨ ︽ | ᠳᠤᠲᠠᠭᠤ︾ ᠢᠳᠡᠳᠡᠭ ᠢᠶᠠᠷ ᠢᠶᠠᠨ ᠳᠤᠮᠳᠠᠴᠢ ᠪᠠᠷ 0.4 ᠺᠢᠯᠣᠭ᠍ᠷᠠᠮ ᠴᠡᠪᠡᠷ ᠥᠭᠡᠬᠦ ᠬᠠᠰᠤᠭᠳᠠᠳᠠᠭ᠃ ᠬᠠᠷᠢᠨ | ᠶᠡᠷᠤᠮᠳᠡᠭ ᠥᠷᠯᠥᠭᠡ ᠶᠢᠨ ᠬᠤᠭᠤᠯᠠ ᠢᠳᠡᠬᠦ ᠪᠤᠶᠤ ᠥᠷᠯᠥᠭᠡ ᠶᠢᠨ ᠬᠤᠭᠤᠯᠠ ᠢᠳᠡᠳᠡᠭ ᠦᠭᠡᠢ ᠵᠠᠯᠠᠭᠤ | ᠪᠠᠭᠠᠴᠤᠳ ᠤᠨ ᠪᠡᠶ᠎ᠡ ᠨᠢ ᠲᠤᠷᠠᠬᠤ ᠦᠭᠡᠢ ᠮᠥᠷᠲᠡᠭᠡᠨ ᠪᠡᠶ᠎ᠡ ᠶᠢᠨ ᠬᠦᠨᠳᠦ ᠨᠢ ᠬᠠᠷᠢᠨ ᠠᠭᠠᠵᠢᠮ ᠢᠶᠠᠷ ᠨᠡᠮᠡᠭᠳᠡᠳᠡᠭ | ᠪᠠᠶᠢᠨ᠎ᠠ᠃ ᠨᠠᠰᠤᠨ ᠳᠤ ᠬᠦᠷᠦᠭᠰᠡᠨ ᠡᠮᠡᠭᠲᠡᠶᠢᠴᠦᠳ ᠡᠳᠦᠷ ᠪᠦᠷᠢ ᠶᠢᠨ ᠤᠭᠤᠷᠠᠭ ᠤᠨ ᠶᠡᠷᠦᠩᠬᠡᠢ ᠬᠡᠮᠵᠢᠶ᠎ᠡ ᠶᠢ | 55g᠂ ᠡᠷᠡᠭᠲᠡᠶᠢᠴᠦᠳ 65g ᠪᠠᠶᠢᠯᠭᠠᠪᠠᠯ ᠰᠠᠶᠢᠨ ᠭᠡᠵᠦ ᠰᠠᠨᠠᠭᠤᠯᠵᠤ ᠪᠠᠶᠢᠨ᠎ᠠ᠃ ᠥᠷᠯᠥᠭᠡ ᠶᠢᠨ ᠬᠤᠭᠤᠯᠠᠨ ᠤ | ᠪᠥᠬᠦ ᠡᠳᠦᠷ ᠲᠤ ᠡᠵᠡᠯᠡᠬᠦ ᠬᠠᠷᠢᠴᠠᠯ ᠨᠢ 30% ᠭᠡᠵᠦ ᠦᠵᠡᠪᠡᠯ᠂ ᠨᠢᠭᠡ ᠡᠷᠡᠨ ᠤ ᠬᠢᠷᠢ ᠲᠡᠩᠴᠡᠭᠰᠡᠨ | ᠥᠷᠯᠥᠭᠡ ᠶᠢᠨ ᠬᠤᠭᠤᠯᠠᠨ ᠳᠤ ᠡᠮᠡᠭᠲᠡᠶᠢᠴᠦᠳ ᠪᠠ ᠡᠷᠡᠭᠲᠡᠶᠢᠴᠦᠳ ᠲᠣᠰ ᠲᠣᠰ 16.5g ᠪᠠ 19.5g ᠤᠨ | ᠤᠭᠤᠷᠠᠭ ᠢᠳᠡᠬᠦ ᠬᠡᠷᠡᠭᠲᠡᠢ ᠶᠤᠮ᠃ |