ᠴᠠᠷᠭᠠᠰᠤ ᠶᠢ ᠬᠠᠳᠤᠵᠤ ᠬᠤᠷᠢᠶᠠᠬᠤ ᠨᠢ ᠴᠠᠭ ᠲᠠᠭᠠᠨ ᠲᠣᠬᠢᠷᠠᠭᠰᠠᠨ ᠡᠰᠡᠬᠦ᠂ ᠬᠠᠳᠤᠵᠤ ᠬᠤᠷᠢᠶᠠᠬᠤ | ᠮᠡᠷᠭᠡᠵᠢᠯ ᠨᠢ ᠵᠣᠬᠢᠰᠲᠠᠢ ᠡᠰᠡᠬᠦ ᠨᠢ ᠠᠩᠬᠠᠨ ᠤ ᠴᠠᠷᠭᠠᠰᠤ ᠶᠢᠨ ᠪᠦᠲᠦᠭᠡᠭᠳᠡᠬᠦᠨ ᠤ ᠶᠠᠰᠤ ᠴᠢᠨᠠᠷ ᠵᠢᠴᠢ ᠤᠨᠠᠯᠲᠠ ᠶᠢ | ᠰᠢᠭᠤᠳ ᠨᠦᠯᠦᠭᠡᠯᠡᠳᠡᠭ᠃ 1. ᠴᠠᠷᠭᠠᠰᠤ ᠶᠢ ᠴᠠᠭ ᠲᠤᠬᠠᠢ ᠳᠤᠨᠢ ᠬᠠᠳᠤᠬᠤ ᠬᠡᠷᠡᠭᠲᠡᠢ ᠴᠠᠷᠭᠠᠰᠤ ᠶᠢ ᠬᠠᠳᠤᠬᠤ ᠳᠤ | ᠶᠡᠷᠦ ᠳᠡᠭᠡᠨ ᠴᠠᠷᠭᠠᠰᠤ ᠶᠢᠨ ᠴᠣᠮᠣᠷᠯᠢᠭᠯᠠᠬᠤ ᠰᠡᠭᠦᠯᠴᠢ ᠶᠢᠨ ᠬᠤᠭᠤᠴᠠᠭ᠎ᠠ ᠪᠤᠶᠤ ᠠᠩᠬᠠᠨ ᠤ ᠴᠡᠴᠡᠭᠯᠡᠬᠦ | ᠬᠤᠭᠤᠴᠠᠭᠠᠨ ᠳᠤ ᠰᠣᠩᠭᠤᠵᠤ᠂ ᠳᠤᠮᠳᠠᠴᠢ ᠪᠠᠷ ᠵᠠᠭᠤᠨ ᠰᠠᠭᠤᠷᠢ ᠶᠢᠨ ᠴᠡᠴᠡᠭ ᠳᠡᠯᠭᠡᠷᠡᠬᠦ ᠨᠣᠷᠮ᠎ᠠ ᠨᠢ 5% ᠠᠴᠠ | ᠳᠣᠷᠣᠭᠰᠢ ᠪᠠᠶᠢᠪᠠᠯ ᠵᠣᠬᠢᠰᠲᠠᠢ ᠪᠠᠶᠢᠳᠠᠭ᠃ 2. ᠴᠠᠷᠭᠠᠰᠤ ᠶᠢ ᠬᠠᠳᠤᠬᠤ ᠳᠤ ᠭᠤᠤᠷᠰᠤ ᠦᠯᠡᠳᠡᠭᠡᠬᠦ ᠥᠨᠳᠥᠷ ᠤᠨ | ᠬᠡᠮᠵᠢᠶ᠎ᠡ ᠶᠢ ᠲᠣᠬᠢᠷᠠᠮᠵᠢᠲᠠᠢ ᠪᠠᠶᠢᠯᠭᠠᠬᠤ ᠬᠡᠷᠡᠭᠲᠡᠢ ᠴᠠᠷᠭᠠᠰᠤ ᠶᠢ ᠬᠠᠳᠤᠬᠤ ᠳᠤ ᠭᠤᠤᠷᠰᠤ ᠦᠯᠡᠳᠡᠭᠡᠬᠦ ᠥᠨᠳᠥᠷ ᠤᠨ | ᠬᠡᠮᠵᠢᠶ᠎ᠡ ᠶᠢ 5-10 ᠰᠠᠨᠲ᠋ᠢᠮᠧᠳ᠋ᠷ ᠤᠨ ᠬᠤᠭᠤᠷᠣᠨᠳᠤ ᠪᠠᠶᠢᠯᠭᠠᠬᠤ ᠬᠡᠷᠡᠭᠲᠡᠢ᠂ ᠭᠤᠤᠷᠰᠤ ᠶᠢ ᠬᠡᠲᠦ ᠥᠨᠳᠥᠷ | ᠦᠯᠡᠳᠡᠪᠡᠯ ᠴᠠᠷᠭᠠᠰᠤ ᠶᠢᠨ ᠤᠨᠠᠯᠲᠠ ᠶᠢ ᠰᠢᠭᠤᠳ ᠨᠦᠯᠦᠭᠡᠯᠡᠵᠦ᠂ ᠭᠤᠤᠷᠰᠤ ᠶᠢ ᠬᠡᠲᠦ ᠳᠣᠣᠷ᠎ᠠ ᠦᠯᠡᠳᠡᠪᠡᠯ | ᠴᠠᠷᠭᠠᠰᠤ ᠶᠢᠨ ᠰᠣᠶᠣᠭᠠᠯᠠᠬᠤ ᠰᠢᠨ᠎ᠡ ᠨᠠᠬᠢᠶ᠎ᠠ ᠶᠢ ᠬᠤᠬᠢᠷᠠᠭᠤᠯᠬᠤ ᠮᠥᠷᠲᠡᠭᠡᠨ ᠮᠠᠰᠢᠨ ᠢᠶᠠᠷ ᠠᠵᠢᠯᠯᠠᠬᠤ ᠳᠤ ᠴᠤ | ᠠᠰᠢᠭ ᠦᠭᠡᠢ ᠪᠠᠶᠢᠳᠠᠭ᠃ 3. ᠡᠭᠡᠵᠦ ᠬᠠᠳᠡᠭᠠᠬᠤ ᠮᠡᠷᠭᠡᠵᠢᠯ ᠢ ᠵᠣᠬᠢᠰᠲᠠᠢ ᠪᠠᠶᠢᠯᠭᠠᠬᠤ ᠬᠡᠷᠡᠭᠲᠡᠢ ᠴᠠᠷᠭᠠᠰᠤ ᠶᠢ | ᠬᠠᠳᠤᠭᠰᠠᠨ ᠤ ᠳᠠᠷᠠᠭ᠎ᠠ ᠡᠩ ᠤᠨ ᠪᠠᠶᠢᠳᠠᠯ ᠳᠤ ᠲᠠᠷᠢᠶᠠᠨ ᠭᠠᠵᠠᠷ ᠲᠤ ᠨᠢ ᠠᠶᠠᠨᠳᠠᠭᠠᠨ ᠬᠠᠲᠠᠭᠠᠨ᠎ᠠ᠃ ᠨᠢᠭᠡ ᠡᠳᠦᠷ | ᠨᠡᠷᠡᠨ ᠳᠤ ᠡᠭᠡᠭᠡᠭᠰᠡᠨ ᠤ ᠳᠠᠷᠠᠭ᠎ᠠ᠂ ᠲᠡᠭᠦᠨ ᠤ ᠳᠡᠭᠡᠳᠦ ᠳᠠᠪᠬᠤᠷᠭ᠎ᠠ ᠶᠢᠨ ᠠᠩᠬᠠᠨ ᠤ ᠤᠰᠤᠨ ᠤ | ᠠᠭᠤᠯᠤᠭᠳᠠᠴᠠ ᠨᠢ 30%-40% ᠣᠷᠴᠢᠮ ᠪᠣᠯᠬᠤ ᠦᠶ᠎ᠡ ᠳᠤ᠂ ᠥᠷᠯᠥᠭᠡ ᠪᠤᠶᠤ ᠣᠷᠣᠢ ᠳᠠᠬᠢᠨ ᠤᠷᠪᠠᠭᠤᠯᠵᠤ | ᠡᠭᠡᠭᠡᠬᠦ ᠪᠤᠶᠤ ᠳᠠᠯᠠᠩ ᠢ ᠨᠡᠶᠢᠯᠡᠭᠦᠯᠵᠦ ᠪᠣᠯᠤᠨ᠎ᠠ᠂ ᠡᠨᠡ ᠦᠶ᠎ᠡ ᠳᠤ ᠠᠩᠬᠠᠨ ᠤ ᠨᠠᠪᠴᠢ ᠨᠢ ᠠᠮᠠᠷᠬᠠᠨ ᠬᠤᠪᠬᠤᠷᠠᠨ | ᠤᠨᠠᠬᠤ ᠦᠭᠡᠢ ᠲᠤᠯᠠ ᠬᠤᠬᠢᠷᠠᠬᠤ ᠨᠣᠷᠮ᠎ᠠ ᠶᠢ ᠪᠠᠭᠠᠰᠬᠠᠳᠠᠭ᠃ 4. ᠪᠣᠭᠤᠵᠢᠯᠠᠬᠤ ᠴᠠᠭ ᠨᠢ ᠴᠠᠭ ᠲᠠᠭᠠᠨ | ᠲᠣᠬᠢᠷᠠᠭᠰᠠᠨ ᠪᠠᠶᠢᠬᠤ ᠬᠡᠷᠡᠭᠲᠡᠢ᠃ ᠴᠠᠷᠭᠠᠰᠤ ᠶᠢ ᠬᠠᠳᠤᠭᠰᠠᠨ ᠤ ᠳᠠᠷᠠᠭ᠎ᠠ ᠲᠤᠩᠭᠠᠯᠠᠭ ᠡᠳᠦᠷ ᠤᠨ ᠭᠡᠷᠡᠯ ᠤᠨ | ᠲᠤᠰᠤᠯᠲᠠ ᠭᠦᠢᠴᠡᠳ ᠪᠠᠶᠢᠬᠤ ᠪᠠᠶᠢᠳᠠᠯ ᠳᠣᠣᠷ᠎ᠠ 2-3 ᠡᠳᠦᠷ ᠡᠭᠡᠭᠡᠵᠦ ᠬᠠᠳᠠᠭᠠᠨ᠂ ᠤᠰᠤᠨ ᠤ ᠬᠡᠮᠵᠢᠶ᠎ᠡ ᠨᠢ | 18% ᠠᠴᠠ ᠳᠣᠷᠣᠭᠰᠢ ᠪᠠᠶᠢᠬᠤ ᠦᠶ᠎ᠡ ᠳᠤ᠂ ᠥᠷᠯᠥᠭᠡ ᠪᠤᠶᠤ ᠦᠳᠡᠰᠢ ᠪᠣᠭᠤᠵᠢᠯᠠᠵᠤ᠂ ᠴᠠᠷᠭᠠᠰᠤ ᠶᠢᠨ | ᠨᠠᠪᠴᠢᠨ ᠤ ᠬᠤᠬᠢᠷᠠᠯ ᠪᠠ ᠰᠦᠢᠷᠡᠯ ᠢ ᠪᠠᠭᠠᠰᠬᠠᠨ᠎ᠠ᠃ ᠬᠡᠲᠦᠷᠬᠡᠢ ᠨᠦᠢᠲᠠᠨ ᠴᠠᠷᠭᠠᠰᠤ ᠵᠢᠴᠢ ᠰᠢᠷᠣᠢ᠂ | ᠢᠯᠵᠢᠷᠡᠭᠰᠡᠨ ᠡᠪᠡᠰᠦ ᠶᠢ ᠪᠣᠭᠤᠵᠢ ᠳᠤ ᠬᠤᠯᠢᠬᠤ ᠶᠢ ᠠᠩᠬᠠᠷᠴᠤ᠂ ᠬᠦᠷᠢᠶᠡᠯᠡᠭᠰᠡᠨ ᠤ ᠳᠠᠷᠠᠭ᠎ᠠ ᠢᠯᠵᠢᠷᠡᠵᠦ ᠴᠢᠨᠠᠷ | ᠬᠤᠪᠢᠷᠠᠬᠤ ᠠᠴᠠ ᠰᠡᠷᠭᠡᠶᠢᠯᠡᠬᠦ ᠬᠡᠷᠡᠭᠲᠡᠢ᠃ 5. ᠬᠦᠷᠢᠶᠡᠯᠡᠵᠦ ᠣᠪᠣᠭᠠᠯᠠᠨ ᠲᠠᠯᠪᠢᠬᠤ ᠳᠤ ᠲᠣᠬᠢᠷᠠᠮᠵᠢᠲᠠᠢ ᠪᠠᠶᠢᠬᠤ | ᠬᠡᠷᠡᠭᠲᠡᠢ ᠴᠠᠷᠭᠠᠰᠤ ᠶᠢ ᠪᠣᠭᠤᠵᠢᠯᠠᠭᠰᠠᠨ ᠤ ᠳᠠᠷᠠᠭ᠎ᠠ ᠠᠯᠢ ᠲᠦᠷᠭᠡᠨ ᠢᠶᠠᠷ ᠬᠦᠮᠦᠷᠭᠡᠯᠡᠬᠦ ᠪᠤᠶᠤ ᠣᠪᠤᠭᠠᠯᠠᠨ | ᠬᠦᠷᠢᠶᠡᠯᠡᠬᠦ ᠬᠡᠷᠡᠭᠲᠡᠢ᠃ ᠡᠪᠡᠰᠦᠨ ᠢᠷᠤᠭᠠᠷ ᠤᠨ ᠪᠣᠭᠤᠵᠢ ᠶᠢ ᠭᠠᠵᠠᠷ ᠤᠨ ᠭᠠᠳᠠᠷᠭᠤ ᠲᠠᠢ ᠰᠢᠭᠤᠳ | ᠬᠦᠷᠦᠯᠴᠡᠭᠦᠯᠵᠦ ᠪᠣᠯᠬᠤ ᠦᠭᠡᠢ᠂ ᠤᠰᠤᠨ ᠳᠤ ᠳᠡᠪᠲᠦᠬᠦ ᠠᠴᠠ ᠰᠡᠷᠭᠡᠶᠢᠯᠡᠨ᠂ ᠣᠪᠣᠭᠠᠨ ᠤ ᠳᠡᠭᠡᠷ᠎ᠡ ᠨᠢ | ᠪᠣᠷᠣᠭᠠᠨ ᠠᠴᠠ ᠰᠡᠷᠭᠡᠶᠢᠯᠡᠬᠦ ᠲᠥᠬᠦᠭᠡᠷᠦᠮᠵᠢ ᠪᠦᠷᠬᠦᠵᠦ᠂ ᠣᠪᠣᠭᠠᠨ ᠤ ᠡᠪᠡᠰᠦᠨ ᠪᠣᠭᠤᠵᠢ ᠶᠢᠨ ᠵᠠᠪᠰᠠᠷ ᠲᠤ ᠵᠠᠢ | ᠵᠠᠪᠰᠠᠷ ᠦᠯᠡᠳᠡᠭᠡᠵᠦ ᠰᠠᠯᠬᠢ ᠨᠡᠪᠲᠡᠷᠡᠭᠦᠯᠬᠦ ᠬᠡᠷᠡᠭᠲᠡᠢ᠃ |