ᠤᠢᠢᠷ᠎ᠠ ᠳᠤ ︽ᠡᠷᠬᠢᠯᠳᠡ︾ ᠪᠠ ︽ᠠᠮᠧᠷᠢᠺᠠ ᠶᠢᠨ ᠵᠢᠷᠤᠬᠡᠨ ᠨᠡᠶᠢᠬᠡᠮᠯᠢᠭ ᠭᠠᠷᠠᠭ ᠤᠨ ᠰᠡᠳᠬᠦᠯ︾ ᠲᠡᠬᠡᠷ᠎ᠡ | ᠨᠡᠶᠢᠳᠡᠯᠡᠭᠰᠡᠨ ᠬᠤᠶᠠᠷ ᠵᠦᠢᠯ ᠤᠨ ᠰᠤᠳᠤᠯᠤᠯ ᠲᠡᠬᠡᠷ᠎ᠡ᠄ ᠥᠷᠬᠦᠯᠵᠢ ᠲᠤᠭᠤᠢ ᠤᠨᠤᠳᠠᠭ ᠬᠥᠮᠤᠨ ᠤ ᠵᠢᠷᠤᠬᠡᠨ ᠤ | ᠰᠤᠳᠠᠰᠤ ᠶᠢᠨ ᠡᠪᠡᠳᠴᠢᠨ ᠤᠯᠬᠤ ᠲᠥᠭᠰᠢᠬᠦᠷᠢ ᠨᠢ ᠨᠡᠯᠢᠶᠡᠤᠨ ᠲᠤᠤᠷ᠎ᠠ ᠪᠠᠶᠢᠳᠠᠭ ᠬᠡᠪᠡ᠃ ︽ᠡᠷᠬᠢᠯᠳᠡ︾ ᠶᠢᠨ | ᠨᠡᠶᠢᠳᠡᠯᠡᠭᠰᠡᠨ ᠵᠤᠬᠢᠶᠠᠯ ᠲᠡᠬᠡᠷ᠎ᠠ᠄ ᠰᠤᠳᠤᠯᠤᠭᠴᠢ 30 ᠵᠢᠯ ᠤᠨ ᠲᠤᠷᠰᠢ 4.5 ᠲᠥᠮᠡᠨ ᠨᠠᠰᠤᠨ ᠳᠤ ᠬᠥᠷᠦᠭᠰᠡᠤᠨ ᠢ | ᠰᠤᠳᠤᠯᠤᠭᠰᠠᠨ ᠳᠤ᠂ ᠥᠷᠬᠦᠯᠵᠢ ᠲᠤᠭᠤᠢ ᠤᠨᠤᠳᠠᠭ ᠬᠥᠮᠤᠨ ᠤ ᠵᠢᠷᠤᠬᠡᠨ ᠤ ᠡᠪᠡᠳᠴᠢᠨ ᠬᠥᠳᠡᠯᠬᠦ ᠲᠥᠭᠰᠢᠬᠦᠷᠢ ᠨᠢ | 11% ᠊᠊᠊᠊᠊ 18% ᠪᠠᠷ ᠲᠤᠷᠤᠭᠰᠢᠯᠠᠵᠤ᠂ ᠭᠠᠷᠠᠭ ᠪᠤᠯᠭᠠᠨ ᠵᠥᠪᠬᠡᠨ ᠬᠠᠭᠠᠰ ᠴᠠᠭ ᠲᠤᠭᠤᠢ ᠤᠨᠤᠪᠠᠯ ᠲᠢᠳᠢᠮᠯᠢᠭ | ᠲᠠᠷᠬᠠᠭᠠᠬᠤ ᠰᠤᠳᠠᠯ ᠤᠨ ᠡᠪᠡᠳᠴᠢᠨ ᠢ ᠰᠡᠷᠬᠡᠶᠢᠯᠡᠬᠦ ᠳᠤ ᠲᠤᠰᠠᠯᠠᠮᠵᠢ ᠪᠤᠯᠤᠨ᠎ᠠ᠃ ᠡᠮᠤᠨ᠎ᠡ ᠲᠠᠪᠤᠨ ᠵᠢᠯ ᠤᠨ | ᠮᠥᠷᠳᠡᠨ ᠰᠤᠳᠤᠯᠤᠯᠳᠠ ᠶᠢᠨ ᠬᠤᠭᠤᠴᠠᠭᠠᠨ ᠳᠤ ᠥᠷᠬᠦᠯᠵᠢ ᠲᠤᠭᠤᠢ ᠤᠨᠤᠳᠠᠭ ᠬᠥᠮᠤᠨ ᠨᠢ 15 ᠵᠢᠯ ᠲᠤᠭᠤᠢ | ᠤᠨᠤᠬᠤ ᠥᠬᠡᠢ ᠬᠥᠮᠤᠨ ᠲᠠᠢ ᠠᠳᠠᠯᠢᠳᠬᠠᠪᠠᠯ ᠵᠢᠷᠤᠬᠡᠨ ᠤ ᠡᠪᠡᠳᠴᠢᠨ ᠳᠤ ᠨᠡᠷᠪᠡᠭᠳᠡᠬᠦ ᠪᠤᠯᠤᠯᠴᠠᠭ᠎ᠠ 25% ᠪᠠᠷ | ᠲᠤᠷᠤᠭᠰᠢᠯᠠᠵᠠᠢ᠃ ︽ᠠᠮᠧᠷᠢᠺᠠ ᠶᠢᠨ ᠵᠢᠷᠤᠬᠡᠨ ᠨᠡᠶᠢᠬᠡᠮᠯᠢᠭ ᠤᠨ ᠭᠠᠷᠠᠭ ᠤᠨ ᠰᠡᠳᠬᠦᠯ︾ ᠲᠡᠬᠡᠷ᠎ᠡ ᠨᠡᠶᠢᠳᠡᠯᠡᠭᠰᠡᠨ | ᠵᠤᠬᠢᠶᠠᠯ ᠢ ᠥᠨᠳᠤᠰᠤᠯᠠᠪᠠᠯ᠂ ᠰᠤᠳᠤᠯᠤᠭᠴᠢ 2 ᠲᠥᠮᠡᠨ 40 ᠨᠠᠰᠤᠳᠠᠢ᠂ 50 ᠨᠠᠰᠤᠳᠠᠢ ᠪᠠ 60 ᠨᠠᠰᠤᠳᠠᠢ | ᠰᠧᠧᠳᠧᠨ ᠬᠥᠮᠤᠨ ᠳᠤ 10 ᠵᠢᠯ ᠤᠨ ᠬᠤᠭᠤᠴᠠᠭ᠎ᠠ ᠲᠠᠢ ᠮᠥᠷᠳᠡᠨ ᠪᠠᠶᠢᠴᠠᠭᠠᠯᠳᠠ ᠬᠢᠵᠤ᠂ ᠡᠳᠡᠬᠡᠷ ᠬᠥᠮᠤᠰ ᠤᠨ | ᠠᠵᠢᠯ ᠳᠤ ᠭᠠᠷᠴᠤ ᠪᠠᠭᠤᠬᠤ ᠶᠢᠨ ᠲᠠᠳᠬᠠᠯ᠂ ᠪᠡᠶ᠎ᠡ ᠶᠢᠨ ᠬᠥᠨᠳᠤ᠂ ᠰᠥᠰᠤᠨ ᠤ ᠭᠤᠨᠠᠨ ᠠᠯᠺᠥᠤᠯ᠂ ᠴᠢᠰᠤᠨ | ᠲᠠᠷᠤᠯᠳᠠ ᠵᠢᠴᠢ ᠴᠢᠰᠤᠨ ᠰᠢᠬᠢᠷ ᠲᠤ ᠬᠢᠨᠠᠨ ᠪᠠᠶᠢᠴᠠᠭᠠᠯᠳᠠ ᠬᠢᠵᠤ᠂ ᠲᠡᠬᠦᠨ ᠢ ᠨᠡᠶᠢᠳᠡ ᠶᠢᠨ ᠵᠠᠮ ᠬᠠᠷᠢᠯᠴᠠᠭᠠᠨ ᠤ | ᠪᠠᠭᠠᠵᠢ ᠪᠤᠶᠤ ᠲᠡᠷᠬᠡ ᠵᠢᠯᠤᠭᠤᠳᠴᠤ ᠠᠵᠢᠯ ᠳᠤ ᠭᠠᠷᠴᠤ ᠪᠠᠶᠢᠭ᠎ᠠ ᠬᠥᠮᠤᠨ ᠲᠠᠢ ᠠᠳᠠᠯᠢᠳᠬᠠᠪᠠᠯ᠂ ᠲᠤᠭᠤᠢ | ᠤᠨᠤᠳᠠᠭ ᠬᠥᠮᠤᠨ ᠤ ᠲᠤᠮᠳᠠ᠄ 15% ᠶᠢᠨ ᠬᠥᠮᠤᠨ ᠰᠥᠰᠤᠨ ᠤ ᠭᠤᠨᠠᠨ ᠠᠯᠺᠥᠤᠯ ᠨᠢ ᠥᠨᠳᠤᠷ ᠪᠤᠯᠬᠤ ᠳᠤ | ᠬᠥᠴᠢᠷ᠃ 12% ᠤᠨ ᠬᠥᠮᠤᠨ ᠰᠢᠬᠢᠷ ᠰᠢᠵᠢᠩ ᠡᠪᠡᠳᠴᠢᠨ ᠤᠯᠬᠤ ᠪᠤᠯᠤᠮᠵᠢ ᠨᠢ ᠲᠤᠤᠷ᠎ᠠ ᠪᠠᠶᠢᠳᠠᠭ᠃ | ᠲᠠᠷᠠᠭᠠᠬᠢ 10 ᠵᠢᠯ ᠤᠨ ᠰᠤᠳᠤᠯᠤᠨ ᠪᠠᠶᠢᠴᠠᠭᠠᠯᠳᠠ ᠶᠢᠨ ᠲᠤᠮᠳᠠ ᠲᠤᠭᠤᠢ ᠤᠨᠤᠬᠤ ᠲᠠᠳᠬᠠᠯ ᠢᠶᠠᠨ ᠪᠠᠳᠤᠯᠠᠭᠰᠠᠨ | ᠬᠥᠮᠤᠨ ᠮᠠᠷᠢᠶᠠᠯᠠᠬᠤ ᠲᠥᠭᠰᠢᠬᠦᠷᠢ ᠨᠢ 39% ᠪᠠᠷ ᠲᠤᠷᠤᠭᠰᠢᠯᠠᠵᠤ᠂ ᠰᠥᠰᠤᠨ ᠤ ᠭᠤᠨᠠᠨ ᠠᠯᠺᠥᠤᠯ | ᠥᠨᠳᠤᠷᠵᠢᠬᠦ ᠶᠢᠨ ᠲᠥᠭᠰᠢᠬᠦᠷᠢ ᠨᠢ 20% ᠪᠠᠷ ᠲᠤᠷᠤᠭᠰᠢᠯᠠᠵᠤ᠂ ᠰᠢᠬᠢᠷ ᠰᠢᠵᠢᠩ ᠡᠪᠡᠳᠴᠢᠨ ᠤ ᠲᠥᠭᠰᠢᠬᠦᠷᠢ ᠨᠢ | 18% ᠪᠠᠷ ᠲᠤᠷᠤᠭᠰᠢᠯᠠᠭᠰᠠᠨ ᠢ ᠢᠯᠡᠷᠡᠬᠦᠯᠪᠠ᠃ ᠰᠤᠳᠤᠯᠤᠭᠴᠢ ᠶᠢᠨ ᠥᠵᠡᠬᠦ ᠪᠠᠷ᠂ ᠬᠥᠮᠤᠨ ᠪᠤᠯᠭᠠᠨ ᠳᠤ | ᠠᠪᠴᠤ ᠬᠡᠯᠡᠪᠡᠯ ᠲᠠᠪᠳᠠᠨ ᠪᠤᠯᠪᠠᠰᠤᠷᠠᠬᠤ ᠨᠢ ᠬᠡᠵᠢᠶ᠎ᠡ ᠡᠬᠢᠯᠡᠭᠰᠡᠨ ᠴᠤ ᠤᠷᠦ᠋ᠢᠳᠠᠬᠤ ᠥᠬᠡᠢ᠂ ᠲᠡᠳᠡᠬᠡᠷ ᠲᠡᠷᠬᠡ | ᠵᠢᠯᠤᠭᠤᠳᠬᠤ ᠪᠤᠶᠤ ᠨᠡᠶᠢᠳᠡ ᠶᠢᠨ ᠮᠠᠰᠢᠨ ᠲᠡᠷᠬᠡ ᠳᠤ ᠰᠠᠭᠤᠵᠤ ᠠᠵᠢᠯ ᠳᠤ ᠭᠠᠷᠴᠤ ᠪᠠᠭᠤᠬᠤ ᠠᠴᠠ ᠲᠤᠭᠤᠢ | ᠤᠨᠤᠨ ᠠᠵᠢᠯ ᠳᠤ ᠭᠠᠷᠴᠤ ᠪᠠᠭᠤᠬᠤ ᠪᠤᠯᠵᠤ ᠬᠤᠪᠢᠷᠠᠭᠰᠠᠨ ᠬᠥᠮᠤᠨ ᠤ ᠵᠢᠷᠤᠬᠡᠨ ᠤ ᠰᠤᠳᠠᠯ ᠤᠨ ᠡᠷᠡᠬᠦᠯ | ᠴᠢᠬᠢᠷᠠᠭ ᠤᠨ ᠬᠤᠪᠢᠷᠠᠯᠳᠠ ᠢᠯᠡᠳᠳᠡ ᠮᠡᠳᠡᠭᠳᠡᠨ᠎ᠡ᠃ |