ᠤᠯᠠᠮᠵᠢᠯᠠᠯᠳᠤ ᠴᠠᠭᠠᠨ ᠢᠳᠡᠭᠡ — ᠡᠰᠭᠡ
ᠨᠡᠶᠢᠲᠡᠯᠡᠭᠰᠡᠨ ᠴᠠᠭ᠄
2024/5/6
   ᠦᠭᠡᠷ᠎ᠡ ᠨᠡᠷ᠎ᠡ ᠨᠢ ᠮᠤᠷᠫᠢᠰ᠃ ᠲᠠᠶᠢᠹᠤᠰᠧ ᠵᠡᠭᠦᠨ ᠭᠠᠷ ᠨᠤᠳᠤᠭ ᠤᠨ ᠭᠠᠷᠤᠯᠳᠠ᠃ ᠡᠰᠭᠡ ᠬᠢᠬᠦ ᠪᠤᠯ ᠭᠠᠳᠠᠭᠠᠳᠤ ᠠᠴᠠ ᠤᠷᠤᠵᠤ ᠢᠷᠡᠭᠰᠡᠨ ᠮᠡᠷᠭᠡᠵᠢᠯ ᠶᠤᠮ᠃ ᠲᠡᠭᠡᠷ᠎ᠡ ᠶᠠᠷᠢᠭᠰᠠᠨᠴᠢᠯᠠᠨ 20 ᠳ᠋ᠤᠭᠠᠷ ᠵᠠᠭᠤᠨ ᠤ ᠠᠷᠪᠠᠭᠠᠳ ᠤᠨ ᠠᠴᠠ ᠭᠠᠳᠠᠭᠠᠳᠤ ᠶᠢᠨ ᠮᠡᠷᠭᠡᠵᠢᠯᠳᠡᠨ ᠵᠠᠯᠠᠵᠤ᠂ ᠡᠰᠬᠡ ᠪᠤᠯᠪᠠᠰᠤᠷᠠᠭᠤᠯᠵᠤ ᠪᠠᠶᠢᠭᠰᠠᠨ ᠠᠴᠠ ᠪᠤᠳᠤᠪᠠᠯ᠂ ᠲᠠᠶᠢᠹᠤᠰᠧ ᠨᠤᠳᠤᠭ ᠡᠰᠭᠡ ᠪᠤᠯᠪᠠᠰᠤᠷᠠᠭᠤᠯᠤᠭᠠᠳ ᠵᠠᠭᠤᠭᠠᠳ ᠵᠢᠯ ᠤᠨ ᠲᠡᠤᠬᠡ ᠲᠠᠢ ᠪᠤᠯᠵᠤ ᠪᠠᠶᠢᠨ᠎ᠠ᠃ ᠡᠰᠭᠡ ᠶᠢ ᠰᠦ ᠪᠠᠷ ᠭᠤᠤᠯ ᠮᠠᠲ᠋ᠧᠷᠢᠶᠠᠯ ᠪᠤᠯᠭᠠᠵᠤ ᠵᠤᠬᠢᠬᠤ ᠬᠠᠷᠢᠴᠠᠯ ᠤᠨ ᠴᠠᠭᠠᠨ ᠱᠠᠳᠠᠩ᠂ ᠨᠢᠮᠪᠡᠭᠡ ᠶᠢᠨ ᠬᠦᠴᠢᠯ ᠲᠠᠢ ᠨᠠᠶᠢᠷᠠᠭᠤᠯᠵᠤ ᠬᠢᠳᠡᠭ᠃ ᠪᠤᠯᠪᠠᠰᠤᠷᠠᠭᠤᠯᠬᠤ ᠳᠠᠭᠠᠨ ᠦᠨᠢᠶᠡᠨ ᠰᠦ ᠪᠠᠨ ᠮᠠᠰᠢᠨ ᠳᠤ ᠡᠷᠬᠢᠬᠦᠯᠵᠦ᠂ ᠲᠤᠰᠤᠯᠢᠭ ᠢ ᠨᠢ ᠢᠯᠭᠠᠷᠠᠭᠤᠯᠤᠨ ᠠᠪᠤᠭᠠᠳ᠂ ᠰᠦ ᠳᠤᠨᠢ ᠱᠠᠳᠠᠩ᠂ ᠨᠢᠮᠪᠡᠭᠡ ᠶᠢᠨ ᠬᠦᠴᠢᠯ ᠬᠤᠯᠢᠵᠤ ᠰᠠᠶᠢᠳᠤᠷ ᠪᠦᠯᠢᠵᠦ ᠨᠠᠶᠢᠷᠠᠭᠤᠯᠤᠨ ᠰᠢᠯ ᠯᠤᠩᠬᠤ ᠳᠤ ᠰᠠᠪᠠᠯᠠᠵᠤ᠂ ᠠᠮᠠᠰᠠᠷ ᠢ ᠨᠢ ᠴᠢᠩᠭ᠎ᠠ ᠪᠢᠳᠡᠭᠦᠮᠵᠢᠯᠡᠨ᠎ᠡ᠃ ᠡᠰᠭᠡ ᠪᠤᠯ ᠰᠦᠨ ᠤ ᠴᠢᠨᠠᠷ ᠢ ᠬᠠᠳᠠᠭᠠᠯᠠᠭᠰᠠᠨ ᠪᠦᠬᠡᠳ ᠫᠢᠸᠤ᠋ ᠶᠢᠨ ᠰᠢᠨᠵᠢ ᠶᠢ ᠪᠦᠷᠢᠯᠳᠦᠬᠦᠯᠦᠭᠰᠡᠨ ᠬᠠᠪᠤᠳᠠᠢ ᠰᠡᠷᠢᠬᠦᠨ ᠤᠮᠳᠠᠭᠠᠨ ᠶᠤᠮ᠃ ᠲᠠᠶᠢᠹᠤᠰᠧᠴᠣᠳ ︽ᠮᠤᠩᠭᠤᠯ ᠤᠨ ᠨᠢᠭᠤᠴᠠ ᠲᠤᠪᠴᠢᠶᠠᠨ︾ ᠳᠤ ᠲᠤᠷᠠᠳᠤᠭᠳᠠᠳᠠᠭ ᠴᠡᠭᠡ ᠶᠢᠨ ᠤᠬᠢ ᠶᠢ ᠨᠡᠷᠡᠯᠡᠳᠡᠭ ᠡᠰᠦᠭ ᠬᠡᠮᠡᠬᠦ ᠨᠡᠷ᠎ᠡ ᠶᠢᠨ ᠤᠳᠬ᠎ᠠ ᠶᠢ ᠤᠯᠠᠮᠵᠢᠯᠠᠨ ᠡᠨᠡᠬᠦ ᠤᠮᠳᠠᠭᠠᠨ ᠢᠶᠠᠨ ᠡᠰᠭᠡ ᠬᠡᠵᠦ ᠨᠡᠷᠡᠯᠡᠭᠰᠡᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号