ᠤᠯᠠᠮᠵᠢᠯᠠᠯᠳᠤ ᠴᠠᠭᠠᠨ ᠢᠳᠡᠭᠡ — ᠮᠤᠩᠭᠤᠯ ᠠᠷᠢᠬᠢ
ᠨᠡᠶᠢᠲᠡᠯᠡᠭᠰᠡᠨ ᠴᠠᠭ᠄
2024/5/6
  ᠪᠠᠰᠠ ᠰᠠᠭᠠᠯᠢ ᠶᠢᠨ ᠠᠷᠢᠬᠢ ᠭᠡᠨ᠎ᠡ᠃ ᠲᠡᠭᠦᠨ ᠢ ᠢᠰᠦᠯᠳᠡ ᠬᠦᠢᠴᠡᠭᠰᠡᠨ ᠦᠨᠢᠶᠡᠨ ᠰᠦᠨ ᠤ ᠠᠶᠢᠷᠠᠭ ᠪᠠ ᠭᠡᠬᠦᠦ ᠶᠢᠨ ᠰᠦᠨ ᠤ ᠠᠶᠢᠷᠠᠭ ︵ᠴᠡᠭᠡ︶ ᠢᠶᠠᠷ ᠨᠡᠷᠡᠵᠦ ᠠᠪᠳᠠᠭ᠃ ᠠᠶᠢᠷᠠᠭ ᠤᠨ ᠢᠰᠦᠯᠳᠡ ᠪᠤᠯ ᠰᠠᠶᠢᠨ ᠠᠷᠢᠬᠢ ᠨᠡᠷᠡᠵᠦ ᠴᠢᠳᠠᠬᠤ ᠡᠰᠡᠬᠦ ᠶᠢᠨ ᠵᠠᠩᠬᠢᠯᠠᠭ᠎ᠠ ᠪᠤᠯᠤᠨ᠎ᠠ᠃ ᠬᠡᠬᠦᠦ ᠶᠢᠨ ᠰᠦ ᠪᠠᠷ ᠨᠡᠷᠡᠭᠰᠡᠨ ᠠᠷᠢᠬᠢ ᠶᠢ ᠭᠡᠬᠦᠨ ᠤ ᠠᠷᠢᠬᠢ ᠭᠡᠵᠦ᠂ ᠦᠨᠢᠶᠡᠨ ᠰᠦ ᠪᠠ ᠭᠡᠬᠦᠦ ᠶᠢᠨ ᠰᠦ ᠶᠢ ᠬᠤᠯᠢᠵᠦ ᠨᠡᠷᠡᠭᠰᠡᠨ ᠠᠷᠢᠬᠢ ᠶᠢ ᠪᠡᠰᠡᠷᠡᠭ ᠠᠷᠢᠬᠢ ᠭᠡᠳᠡᠭ᠂ ᠨᠡᠷᠡᠬᠦ ᠠᠷᠭ᠎ᠠ ᠨᠢ ᠠᠳᠠᠯᠢ᠃ ᠠᠷᠢᠬᠢ ᠨᠡᠷᠡᠭᠦ ᠳᠤ ᠬᠤᠩᠬᠤ᠂ ᠪᠦᠷᠬᠦᠭᠡᠷ᠂ ᠪᠦᠷᠬᠦᠭᠡᠷ  ᠤᠨ ᠤᠷᠢᠶᠠᠯᠳᠠ᠂ ᠵᠢᠯᠡᠪᠴᠢ᠂ ᠸᠠᠭᠠᠷ ᠵᠡᠷᠭᠡ ᠪᠠᠭᠠᠵᠢ ᠰᠠᠪᠠ ᠶᠢ ᠬᠡᠷᠡᠭᠯᠡᠨ᠎ᠡ᠃ ᠬᠤᠩᠬᠤ ᠳᠠᠭᠠᠨ ᠠᠶᠢᠷᠠᠭ ᠢᠶᠠᠨ ᠬᠢᠭᠡᠳ ᠲᠡᠭᠡᠷ᠎ᠡ ᠨᠢ ᠪᠦᠷᠬᠦᠭᠡᠷ ᠢᠶᠠᠨ ᠰᠠᠭᠤᠯᠭᠠᠵᠤ᠂ ᠪᠦᠷᠬᠦᠭᠡᠷ ᠤᠨ ᠴᠢᠬᠢᠨ ᠠᠴᠠ ᠬᠤᠶᠠᠷ ᠲᠠᠯ᠎ᠠ ᠳᠠᠭᠠᠨ ᠪᠢᠳᠡᠬᠦᠦ ᠤᠭᠤᠰᠤᠷ ᠪᠦᠬᠦᠢ ᠸᠠᠭᠠᠷ ᠢ ᠪᠦᠷᠬᠦᠭᠡᠷ ᠤᠨ ᠭᠤᠤᠯ ᠳᠤ ᠲᠡᠬᠦᠵᠢᠯᠡᠨ᠎ᠡ᠃ ᠪᠦᠷᠬᠦᠭᠡᠷ ᠳᠡᠭᠡᠷ᠎ᠡ ᠪᠠᠨ ᠵᠢᠯᠡᠪᠴᠢ ᠪᠠᠨ ᠰᠠᠭᠤᠯᠭᠠᠭᠠᠳ ᠲᠤᠳᠤᠷ᠎ᠠ ᠨᠢ ᠴᠡᠯ ᠬᠦᠢᠳᠡᠨ ᠤᠰᠤ ᠬᠢᠨ᠎ᠡ᠃ ᠪᠦᠷᠬᠦᠭᠡᠷ ᠤᠨ ᠢᠷᠤᠭᠠᠷ ᠤᠨ ᠬᠤᠩᠬᠤ ᠳᠤ ᠰᠠᠭᠤᠭᠰᠠᠨ ᠭᠡᠰᠡᠭ ᠪᠠ ᠳᠡᠭᠡᠷᠡᠬᠢ ᠵᠢᠯᠡᠪᠴᠢ ᠰᠠᠭᠤᠯᠭᠠᠭᠰᠠᠨ ᠭᠡᠰᠡᠭ ᠢ ᠪᠦᠷᠬᠦᠭᠡᠷ ᠤᠨ ᠤᠷᠢᠶᠠᠯᠳᠠ ︵ᠪᠦᠰ ᠢᠶᠠᠷ ᠭᠠᠳᠠᠷᠯᠠᠭᠰᠠᠨ ᠤᠭᠤᠰᠤᠷ ᠲᠠᠢ ᠨᠠᠷᠢᠨ ᠤᠷᠳᠤ ᠢᠰᠡᠭᠡᠢ︶ ᠪᠠᠷ ᠰᠠᠶᠢᠳᠤᠷ ᠪᠢᠳᠡᠬᠦᠯᠡᠨ ᠤᠷᠢᠶᠠᠵᠤ᠂ ᠲᠡᠭᠦᠪᠡᠷ ᠠᠭᠤᠷ ᠭᠠᠷᠬᠤ ᠶᠢ ᠰᠡᠷᠭᠡᠶᠢᠯᠡᠨ᠎ᠡ᠃ ᠲᠡᠭᠡᠭᠡᠳ ᠠᠶᠢᠷᠠᠭ ᠢᠶᠠᠨ ᠪᠤᠴᠠᠯᠭᠠᠪᠠᠯ ᠠᠶᠢᠷᠠᠭ ᠤᠨ ᠠᠭᠤᠷ ᠵᠢᠯᠡᠪᠴᠢ ᠶᠢᠨ ᠬᠦᠢᠳᠡᠨ ᠢᠷᠤᠭᠠᠷ ᠲᠤ ᠬᠦᠷᠴᠦ ᠮᠦᠬᠦᠯᠢᠭᠵᠢᠭᠡᠳ ᠵᠢᠯᠡᠪᠴᠢ ᠶᠢᠨ ᠬᠦᠢᠰᠦ ᠶᠢ ᠳᠠᠭᠠᠵᠤ ᠸᠠᠭᠠᠷ ᠲᠤ ᠭᠤᠭᠤᠵᠢᠬᠤ ᠪᠤᠯᠤᠨ᠎ᠠ᠂ ᠡᠨ᠋ᠨ ᠪᠤᠯ ᠲᠠᠷᠤᠢ ᠠᠷᠢᠬᠢ ᠮᠦᠨ᠃ ᠵᠢᠯᠡᠪᠴᠢ ᠶᠢᠨ ᠤᠰᠤ ᠪᠦᠯᠢᠶᠡᠰᠪᠡᠯ ᠲᠠᠬᠢᠵᠤ ᠬᠦᠢᠳᠡᠨ ᠤᠰᠤ ᠰᠤᠯᠢᠨ᠎ᠠ᠂ ᠢᠩᠬᠢᠵᠦ ᠬᠤᠶᠠᠷ᠂ ᠭᠤᠷᠪᠠ ᠤᠳᠠᠭ᠎ᠠ ᠰᠤᠯᠢᠭᠰᠠᠨ ᠤ ᠲᠠᠷᠠᠭ᠎ᠠ ᠪᠦᠷᠬᠦᠭᠡᠷ ᠢᠶᠠᠨ ᠵᠠᠳᠠᠯᠵᠤ ᠸᠠᠭᠠᠷ ᠲᠠᠢ ᠠᠷᠢᠬᠢ ᠪᠠᠨ ᠲᠠᠷᠦ᠋ᠢᠬᠠᠨ ᠪᠢᠳᠡᠭᠦᠯᠡᠨ ᠪᠦᠳᠡᠭᠡᠵᠦ ᠠᠪᠤᠨ᠎ᠠ᠃ ᠬᠠᠯᠠᠭᠤᠨ ᠠᠷᠢᠬᠢᠨ ᠤ ᠪᠦᠳᠡᠭᠡᠯᠭᠡ ᠶᠢ ᠰᠡᠬᠦᠵᠦ ᠰᠢᠳᠠᠭᠠᠵᠤ ᠦᠵᠡᠬᠦ ᠳᠤ ᠫᠦᠷᠳ᠋᠊ ᠬᠢᠳᠡᠯ᠎ᠡ ᠰᠢᠳᠠᠵᠤ ᠪᠠᠶᠢᠪᠠᠯ ᠤᠬᠢ ᠰᠠᠶᠢᠨ ᠠᠷᠢᠬᠢ ᠭᠠᠷᠤᠭᠰᠠᠨ ᠤ ᠲᠡᠮᠳᠡᠭ ᠮᠦᠨ᠃ ᠬᠤᠶᠠᠷ ᠳᠤᠭᠤᠭᠠᠨ ᠤ ᠠᠷᠢᠬᠢ ︵ᠬᠤᠶᠠᠷ ᠤᠳᠠᠭ᠎ᠠ ᠤᠰᠤ ᠰᠤᠯᠢᠭᠰᠠᠨ︶ ᠤᠯᠠᠩᠬᠢ ᠳᠠᠭᠠᠨ ᠡᠶᠢᠮᠦ ᠪᠠᠶᠢᠳᠠᠭ ᠶᠤᠮ᠃ ᠤᠯᠠᠨ ᠤᠳᠠᠭ᠎ᠠ ᠤᠰᠤ ᠰᠤᠯᠢᠪᠠᠯ ᠠᠷᠢᠬᠢ ᠰᠣᠯᠠᠷᠠᠨ᠎ᠠ᠃ ᠠᠷᠢᠬᠢ ᠶᠢ ᠪᠤᠳᠤᠩ ᠳᠤ ᠠᠭᠤᠳᠠᠯᠠᠵᠤ᠂ ᠠᠮᠠᠰᠠᠷ ᠢ ᠨᠢ ᠨᠢᠬᠳᠠ ᠪᠢᠳᠡᠭᠦᠮᠵᠢᠯᠡᠨ᠂ ᠬᠤᠨᠢᠨ ᠬᠤᠷᠤᠭᠠᠨ ᠤ ᠬᠦᠷᠵᠡᠩ ᠲᠤᠤᠷ᠎ᠠ ᠪᠤᠯᠠᠭᠠᠳ ᠵᠢᠯ ᠦᠨᠵᠢᠪᠡᠯ ᠬᠤᠰᠢᠭᠠᠮᠠᠯ ᠰᠠᠶᠢᠨ ᠠᠷᠢᠬᠢ ᠪᠤᠯᠤᠨ᠎ᠠ᠃ ᠡᠬᠦᠨ ᠢ ᠵᠢᠯ ᠤᠨ ᠲᠤᠭ᠎ᠠ ᠪᠠᠷ ᠨᠢ ᠰᠢᠳᠦᠯᠡᠩ ᠠᠷᠢᠬᠢ᠂ ᠬᠢᠵᠠᠯᠠᠩ ᠠᠷᠢᠬᠢ᠂ ᠰᠤᠶᠤᠭᠠᠯᠠᠩ ᠠᠷᠢᠬᠢ ᠬᠡᠵᠦ ᠨᠡᠷᠡᠯᠡᠳᠡᠭ᠃ ᠠᠶᠢᠷᠠᠭ ᠳᠡᠭᠡᠷ᠎ᠡ ᠪᠠᠨ ᠠᠷᠢᠬᠢ ᠨᠡᠮᠡᠵᠦ᠂ ᠲᠠᠬᠢᠵᠦ ᠲᠡᠭᠡᠷᠡᠬᠢ ᠠᠷᠭ᠎ᠠ ᠪᠠᠷ ᠨᠡᠷᠡᠵᠦ ᠠᠪᠤᠭᠰᠠᠨ ᠠᠷᠢᠬᠢ ᠶᠢ ᠬᠠᠷᠢᠭᠤᠯᠭ᠎ᠠ ᠭᠡᠨ᠎ᠡ᠃ ᠠᠷᠢᠬᠢ ᠪᠠᠨ ᠬᠠᠷᠢᠭᠤᠯᠵᠤ ᠨᠡᠷᠡᠭᠰᠡᠨ ᠢ ᠠᠷᠠᠵᠠ ᠬᠡᠵᠦ᠂ ᠠᠷᠠᠵᠠ ᠪᠠᠨ ᠬᠠᠷᠢᠭᠤᠯᠵᠤ ᠨᠡᠷᠡᠭᠰᠡᠨ ᠢ ᠰᠢᠷᠠᠵᠠ ᠬᠡᠵᠦ᠂ ᠰᠢᠷᠠᠵᠠ ᠪᠠᠨ ᠬᠠᠷᠢᠭᠤᠯᠵᠤ ᠨᠡᠷᠡᠭᠰᠡᠨ ᠢ ᠬᠤᠷᠠᠵᠠ ᠬᠡᠨ᠎ᠡ᠃ ᠮᠤᠩᠭᠤᠯ ᠠᠷᠢᠬᠢ ᠢᠯᠠᠩᠭᠤᠶ᠎ᠠ ᠬᠡᠭᠦᠨ ᠰᠦᠨ ᠤ ᠠᠷᠢᠬᠢ ᠪᠤᠯ ᠰᠢᠩᠬᠡᠭᠡᠯᠳᠡ ᠰᠠᠶᠢᠵᠢᠷᠠᠭᠤᠯᠬᠤ᠂ ᠰᠠᠯᠬᠢ ᠴᠢᠬᠢᠭ ᠠᠴᠠ ᠪᠤᠯᠤᠭᠰᠠᠨ ᠬᠦᠯ ᠨᠢᠷᠤᠭᠤᠨ ᠤ ᠡᠪᠡᠳᠴᠢᠨ ᠢ ᠵᠠᠰᠠᠬᠤ ᠪᠠ ᠪᠡᠶ᠎ᠡ ᠲᠠᠮᠢᠷᠵᠢᠭᠤᠯᠵᠤ ᠡᠪᠡᠳᠴᠢᠨ ᠢ ᠡᠰᠡᠷᠬᠦᠴᠡᠬᠦ ᠴᠢᠳᠠᠯ ᠢ ᠨᠡᠮᠡᠭᠳᠡᠬᠦᠯᠬᠦ ᠦᠢᠯᠡᠳᠦᠯ ᠲᠠᠢ᠃ ᠠᠷᠢᠬᠢ ᠨᠡᠷᠡᠬᠦ ᠳᠤ ᠤᠷᠢᠶᠠᠯᠳᠠ ᠶᠢᠨ ᠪᠠᠬᠢ ᠦᠬᠡᠢ ᠪᠤᠶᠤ ᠪᠦᠷᠬᠦᠭᠡᠷ ᠤᠨ ᠬᠠᠭᠰᠠᠭᠰᠠᠨ ᠠᠴᠠ ᠪᠤᠯᠵᠤ ᠠᠭᠤᠷ ᠭᠠᠳᠠᠭᠰᠢᠯᠠᠪᠠᠯ ᠠᠷᠢᠬᠢ ᠬᠦᠴᠦ ᠮᠠᠭᠤᠳᠠᠢ ᠪᠤᠯᠤᠨ᠎ᠠ᠂ ᠡᠬᠦᠨ ᠢ ᠰᠤᠪᠰᠤ ᠭᠡᠳᠡᠭ᠃ ᠮᠤᠩᠭᠤᠯ ᠠᠷᠢᠬᠢ ᠪᠤᠯ ᠠᠮᠳᠠ ᠳᠡᠬᠦᠯᠳᠡᠷ ᠢᠳᠡᠭᠡᠨ ᠤ ᠳᠡᠭᠡᠵᠢ ᠪᠦᠬᠡᠳ ᠬᠤᠷᠢᠮ ᠨᠠᠶᠢᠷ ᠪᠠᠶᠠᠷ ᠴᠡᠩᠬᠡᠯ  ᠤᠨ ᠲᠡᠭᠡᠳᠦ ᠤᠮᠳᠠᠭᠠᠨ ᠪᠤᠯᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号