ᠦᠯᠢᠭᠡᠷ ᠲᠤᠮᠤᠭ ᠰᠢᠬ ᠪᠠᠭ᠎ᠠ ᠶᠢᠨ ᠲᠤᠷᠠᠰᠤᠮᠵᠢ
ᠨᠡᠶᠢᠲᠡᠯᠡᠭᠰᠡᠨ ᠴᠠᠭ᠄
2024/5/27
ᠪᠢ 1953 ᠣᠨ ᠠᠴᠠ 1955 ᠣᠨ ᠳᠤ ᠠᠶᠢᠯ ᠠᠴᠠ ᠪᠠᠨ ᠬᠤᠷᠢᠨ ᠭᠠᠵᠠᠷ ᠵᠠᠶᠢᠳᠠᠢ ᠶᠡᠬᠡᠶᠤᠯᠤ ᠳᠠᠬᠢ ᠪᠦᠷᠢᠨ ᠪᠠᠭ᠎ᠠ ᠰᠤᠷᠭᠠᠭᠤᠯᠢ ᠳᠤ ᠤᠴᠢᠵᠤ ᠰᠤᠷᠤᠯᠴᠠᠬᠰᠠᠨ ᠪᠢᠯᠡ᠃ ᠪᠠᠶᠢᠷᠢ ᠳᠤ ᠰᠠᠭᠤᠭᠰᠠᠨ ᠲᠤᠯᠠ ᠢᠳᠡᠭᠦ ᠪᠤᠳᠠᠭ᠎ᠠ ᠪᠠᠨ ᠭᠡᠷ ᠠᠴᠠ ᠪᠠᠨ ᠠᠪᠠᠴᠢᠨ᠎ᠠ᠂ ᠬᠠᠭᠠᠰ ᠵᠢᠯ ᠤᠨ ᠨᠣᠭᠤᠭ᠎ᠠ ᠶᠢᠨ ᠵᠣᠭᠤᠰ ᠬᠤᠶᠠᠷ ᠲᠦᠭᠦᠷᠢᠭ ᠬᠠᠭᠠᠰ ᠬᠤᠷᠢᠶᠠᠬᠤ ᠪᠠ ᠨᠢᠭᠡ ᠵᠢᠯ ᠤᠨ ᠲᠦᠯᠡᠭᠡ ᠵᠠᠭᠤ ᠬᠤᠷᠢᠨ ᠪᠤᠭᠤᠵᠢ ᠠᠪᠳᠠᠭ᠃ ᠬᠤᠶᠠᠷ ᠲᠦᠭᠦᠷᠢᠭ ᠬᠠᠭᠠᠰ ᠤᠨ ᠨᠣᠭᠤᠭ᠎ᠠ ᠶᠢᠨ ᠰᠦᠢᠳᠭᠡᠯ ᠢᠶᠠᠨ ᠲᠦᠩᠭᠡᠭᠡᠳ ᠠᠷᠭᠠᠴᠠᠴᠢᠬᠠᠳᠠᠭ ᠪᠤᠯᠪᠠᠴᠤ ᠪᠤᠳᠠᠭ᠎ᠠ᠂ ᠲᠦᠯᠡᠭᠡᠨ ᠳᠤ ᠶᠡᠭᠡ ᠬᠦᠴᠢᠷᠳᠡᠲᠡᠭ᠃ᠲᠡᠷᠡ ᠬᠤᠶᠠᠷ ᠵᠢᠯ ᠡᠵᠢ ᠡᠪᠡᠳᠴᠢᠯᠡᠭᠡᠳ ᠭᠡᠷ ᠤᠨ ᠢᠳᠡᠬᠦ ᠪᠤᠳᠠᠭ᠎ᠠ ᠪᠠᠨ ᠴᠤ ᠲᠦᠩᠭᠡᠨ ᠲᠠᠩᠭᠠᠨ ᠪᠠᠭ᠎ᠠ ᠪᠠᠭ᠎ᠠ ᠪᠠᠷ ᠴᠠᠶᠢᠯᠭᠠᠵᠤ ᠪᠠᠶᠢᠭᠰᠠᠨ ᠪᠦᠭᠡᠳ ᠮᠠᠨ ᠤ ᠬᠢᠨ ᠲᠡᠷᠭᠡ ᠦᠭᠡᠢ ᠲᠤᠯᠠ ᠲᠦᠯᠡᠭᠡ ᠬᠦᠷᠭᠡᠵᠦ ᠴᠢᠳᠠᠬᠤ ᠦᠭᠡᠢ ᠭᠠᠴᠢᠬᠲᠠᠯ᠎ᠠ᠃ ᠨᠢᠭᠡ ᠭᠠᠷᠠᠭ ᠤᠨ ᠡᠳᠦᠷ ᠨᠠᠮᠠᠢᠢ ᠬᠠᠷᠢᠵᠤ ᠢᠷᠡᠭᠦᠯᠡᠷ ᠪᠠᠷᠠᠭᠤᠨ ᠠᠶᠢᠯ ᠳᠤ ᠪᠠᠶᠢᠳᠠᠭ ᠭᠤᠷᠪᠠᠳᠤᠭᠠᠷ ᠠᠪᠠᠭ᠎ᠠ ᠡᠭᠡᠴᠢ᠄ ︽ᠴᠢ ᠡᠨᠡ ᠰᠦᠨᠢ ᠳᠡᠭᠡᠨ ᠬᠠᠷ᠎ᠠ ᠪᠤᠳᠠᠭ᠎ᠠ ᠪᠠᠨ ᠠᠪᠤᠭᠠᠳ ᠢᠷ᠎ᠡ᠂ ᠪᠢ ᠰᠦᠨᠢ ᠳᠡᠭᠡᠨ ᠴᠠᠶᠢᠯᠭᠠᠵᠤ ᠪᠠᠷᠠᠪᠠᠯ ᠮᠠᠷᠭᠠᠰᠢ ᠦᠷᠯᠦᠭᠡ ᠰᠤᠷᠭᠠᠭᠤᠯᠢ ᠳᠠᠭᠠᠨ ᠠᠪᠤᠭᠠᠳ ᠶᠠᠪᠤ︾ ᠭᠡᠯ᠎ᠠ᠃ᠬᠤᠭᠤᠯᠠ ᠪᠤᠳᠠᠭ᠎ᠠ ᠢᠳᠡᠵᠦ ᠪᠠᠷᠠᠳᠠᠯ᠎ᠠ ᠬᠠᠷᠠᠩᠭᠤᠢ ᠪᠣᠯᠤᠭᠰᠠᠨ ᠪᠦᠭᠡᠳ ᠠᠪᠤ ᠲᠠᠷᠢᠶᠠᠨ ᠠᠴᠠ ᠪᠠᠨ ᠬᠠᠷᠢᠵᠤ ᠢᠷᠡᠳᠡᠯ᠎ᠡ ᠲᠤᠩ ᠣᠷᠤᠢ ᠪᠣᠯᠵᠠᠢ᠃ ᠠᠪᠦ‍ ᠨᠢᠭᠡ ᠬᠡᠦᠳᠡᠢ ᠬᠠᠷ᠎ᠠ ᠪᠤᠳᠠᠭ᠎ᠠ ᠰᠠᠪᠠᠯᠠᠵᠤ ᠡᠯᠵᠢᠭᠡᠨ ᠳᠤ ᠠᠴᠢᠵᠤ ᠥᠭᠪᠡ᠃ ᠪᠢ ᠡᠯᠵᠢᠭᠡ ᠪᠠᠨ ᠡᠮᠦᠨ᠎ᠡ ᠪᠠᠨ ᠬᠦᠭᠡᠭᠡᠵᠦ ᠶᠠᠪᠤᠬᠤ ᠳᠤ ᠡᠯᠵᠢᠭᠡ ᠮᠢᠨᠦ ᠰᠠᠨᠠᠭ᠎ᠠ ᠪᠠᠷ ᠶᠠᠪᠤᠬᠤ ᠦᠭᠡᠢ᠂ ᠬᠦᠳᠦᠯᠵᠦ ᠶᠠᠪᠤᠬᠤ ᠳᠤ ᠮᠦᠨ ᠬᠡᠦᠳᠡᠢ ᠲᠠᠢ ᠪᠤᠳᠠᠭ᠎ᠠ ᠪᠠᠨ ᠤᠨᠠᠭᠠᠬᠤ ᠠᠴᠠ ᠪᠠᠨ ᠠᠶᠤᠨ᠎ᠠ᠂ ᠬᠡᠷᠪᠡ ᠬᠡᠦᠳᠡᠢ ᠲᠠᠢ ᠪᠤᠳᠠᠭ᠎ᠠ ᠪᠠᠨ ᠤᠨᠠᠭᠠᠪᠠᠯ ᠪᠢ ᠲᠠᠬᠢᠨ ᠠᠴᠢᠶᠠᠯᠠᠵᠤ ᠲᠡᠶᠢᠯᠬᠦ ᠦᠭᠡᠢ ᠪᠤᠯᠬᠤᠷ ᠴᠣᠯᠪᠤᠭᠤᠷ ᠠᠴᠠ ᠨᠢ ᠪᠠᠷᠢᠵᠤ ᠬᠠᠵᠠᠭᠤ ᠪᠠᠷ ᠨᠢ ᠶᠠᠪᠤᠬᠤ ᠶᠢᠨ ᠲᠠᠭᠠᠤ᠂ ᠨᠦᠬᠦᠭᠡ ᠭᠠᠷ ᠢᠶᠠᠷ ᠢᠶᠠᠨ ᠬᠡᠦᠳᠡᠢ ᠪᠠᠨ ᠲᠦᠰᠢᠬᠦ ᠬᠡᠷᠡᠭᠳᠡᠢ᠃ᠵᠣᠨ ᠤ ᠰᠦᠨᠢ ᠡᠭᠦᠯᠡ ᠦᠭᠡᠢ ᠪᠣᠯᠪᠠᠴᠤ ᠰᠠᠷᠠ ᠦᠭᠡᠢ ᠲᠤᠯᠠ ᠫᠠᠳ ᠬᠠᠷᠠᠩᠭᠤᠢ᠂ ᠲᠠᠯ᠎ᠠ ᠶᠢᠨ ᠳᠤᠮᠳᠠᠭᠤᠷ ᠡᠪᠡᠰᠦ ᠥᠯᠦᠩ ᠶᠡᠭᠡ ᠪᠦᠭᠡᠳ ᠣᠣᠯ ᠠᠴᠠ ᠪᠠᠨ ᠲᠡᠷᠡ ᠬᠡᠰᠡᠭ ᠭᠠᠵᠠᠷ ᠡᠷᠢᠶᠡᠨ ᠲᠠᠢ ᠭᠡᠬᠦ ᠬᠡᠯᠡᠯᠴᠡᠭᠡ ᠪᠠᠶᠢᠳᠠᠭ᠂ ᠪᠣᠳᠤᠪᠠᠯ ᠡᠷᠢᠶᠡᠨ ᠲᠠᠢ ᠭᠡᠳᠡᠭ ᠨᠢ ᠴᠢᠳᠭᠦᠷ ᠲᠠᠢ ᠭᠡᠰᠡᠨ ᠦᠭᠡ ᠪᠠᠶᠢᠬᠤ ᠡ᠂ ᠭᠡᠪᠡᠴᠦ ᠪᠢ ᠴᠢᠳᠭᠦᠷ ᠲᠠᠢ ᠭᠡᠳᠡᠭ ᠢ ᠨᠢ ᠢᠳᠡᠭᠡᠬᠦ ᠦᠭᠡᠢ᠂ ᠬᠠᠷᠢᠨ ᠠᠶᠤᠳᠠᠭ ᠨᠢ ᠴᠢᠨ᠋ᠸ᠎ᠠ ᠪᠢᠯᠡ᠃ ᠰᠦᠨᠢ ᠶᠢᠨ ᠬᠠᠷᠠᠩᠭᠤᠢ ᠳᠤ ᠡᠯᠵᠢᠭᠡ ᠯᠡ ᠬᠦᠮᠦᠨ ᠢ ᠠᠶᠤᠯᠭᠠᠳᠠᠭ ᠶᠤᠮ ᠪᠠᠶᠢᠨ᠎ᠠ᠃ ᠠᠶᠢᠯ ᠠᠴᠠ ᠪᠠᠭ᠎ᠠ ᠵᠠᠶᠢᠳᠠᠭᠤ ᠪᠣᠯᠬᠤ ᠳᠤ ᠪᠠᠶᠢᠨ ᠲᠠᠬᠢᠨ ᠴᠢᠬᠢ ᠪᠠᠨ ᠭᠤᠷᠤᠯᠵᠠᠭᠤᠯᠤᠨ ᠰᠢᠯᠤᠭᠤᠬᠠᠨ ᠶᠠᠪᠤᠬᠤ ᠦᠭᠡᠢ ᠪᠣᠶᠤ ᠵᠠᠷᠢᠮ ᠳᠠᠭᠠᠨ ᠵᠣᠭᠰᠤᠴᠢᠬᠠᠭᠠᠳ ᠴᠢᠬᠢ ᠪᠠᠨ ᠬᠤᠶᠢᠰᠢ ᠰᠣᠯᠪᠢᠴᠠᠭᠤᠯᠤᠨ ᠭᠤᠷᠤᠯᠵᠠᠭᠤᠯᠬᠤ ᠪᠣᠶᠤ ᠬᠠᠮᠠᠷ ᠢᠶᠠᠨ ᠲᠣᠷᠬᠢᠭᠤᠯᠤᠨ᠎ᠠ᠃ ᠬᠡᠷᠪᠡ ᠲᠡᠷᠡ ᠦᠶ᠎ᠡ ᠳᠤ ᠡᠯᠵᠢᠭᠡ ᠦᠷᠭᠦᠵᠦ ᠲᠤᠳᠠᠭᠠᠬᠤ ᠶᠤᠮ ᠦᠦ᠂ ᠡᠰᠡᠭᠦᠯ᠎ᠡ ᠨᠠᠳᠬᠤᠭᠠᠳ ᠬᠡᠦᠳᠡᠢ ᠲᠠᠢ ᠪᠤᠳᠠᠭ᠎ᠠ ᠶᠢ ᠤᠨᠠᠭᠠᠭᠰᠠᠨ ᠪᠣᠯ ᠪᠢ ᠠᠷᠭ᠎ᠠ ᠦᠭᠡᠢ ᠪᠣᠯᠬᠤ ᠶᠤᠮ᠃ᠪᠠᠷᠠᠭᠤᠨ ᠠᠶᠢᠯ ᠣᠶᠢᠷᠠᠳᠤᠵᠤ ᠪᠠᠶᠢᠬᠤ ᠳᠤ ᠡᠯᠵᠢᠭᠡ ᠭᠡᠨᠡᠳᠲᠡ ᠵᠣᠭᠰᠤᠭᠠᠳ ᠴᠢᠬᠢ ᠪᠠᠨ ᠠᠰ ᠡᠮᠦᠨᠡᠰᠢ ᠬᠠᠨᠳᠤᠭᠤᠯᠤᠨ ᠪᠠᠶᠢᠨ ᠪᠠᠶᠢᠨ ᠬᠠᠮᠠᠷ ᠲᠣᠷᠬᠢᠭᠤᠯᠤᠨ᠎ᠠ᠂ ᠪᠢ ᠠᠶᠤᠬᠤ ᠳᠠᠭᠠᠨ ᠴᠣᠯᠪᠤᠭᠤᠷ ᠢ ᠨᠢ ᠣᠶᠢᠷᠠᠬᠠᠨ ᠪᠠᠷᠢᠵᠤ ᠴᠢᠩᠭ᠎ᠠ ᠠᠳᠬᠤᠨ ᠡᠮᠦᠨᠡᠰᠢ ᠬᠠᠷᠠᠬᠤ ᠳᠤ ᠶᠠᠭᠤ ᠴᠤ ᠬᠠᠷᠠᠭᠳᠠᠬᠤ ᠦᠭᠡᠢ᠂ ᠭᠡᠳᠡᠯ᠎ᠡ ᠯᠠᠪᠯᠠᠨ ᠴᠢᠩᠨᠠᠪᠠᠯ ᠶᠠᠮᠠᠷ ᠨᠢᠭᠡ ᠴᠢᠮᠡᠭᠡ ᠭᠠᠷᠬᠤ ᠰᠢᠭ ᠪᠣᠯᠬᠤ ᠳᠤ ᠨᠡᠩ ᠶᠡᠭᠡ ᠠᠶᠢᠳᠠᠰ ᠬᠦᠷᠴᠦ ᠪᠦᠬᠦ ᠪᠡᠶ᠎ᠡ ᠴᠡᠴᠡᠷᠬᠢᠯᠡᠨ᠎ᠡ᠃ ᠪᠢ ᠲᠤᠩ ᠶᠡᠭᠡ ᠪᠠᠴᠢᠮᠳᠠᠨ ᠪᠠᠶᠢᠬᠤ ᠳᠤ ᠡᠯᠵᠢᠭᠡ ᠬᠠᠷᠢᠨ ᠲᠠᠶᠢᠪᠤᠭᠤ ᠪᠣᠯᠤᠭᠰᠠᠨ ᠮᠠᠶ᠋ᠢᠭᠳᠠᠢ ᠪᠣᠯᠪᠠ᠂ ᠪᠢ ᠭᠡᠨᠡᠳᠲᠡ ᠨᠢᠭᠡᠨ ᠤᠬᠠᠭᠠᠨ ᠣᠷᠤᠵᠤ᠂ ᠣᠴᠦ᠋ᠢᠨ ᠰᠠᠭᠤᠭᠠᠳ ᠬᠠᠷᠠᠩᠭᠤᠢ ᠳᠣᠲᠤᠷ᠎ᠠ ᠠᠵᠢᠭᠯᠠᠬᠤ ᠳᠤ ᠡᠮᠦᠨ᠎ᠡ ᠠᠴᠠ ᠬᠡᠳᠦᠨ ᠪᠠᠷᠠᠭᠠᠨ ᠰᠡᠬᠦᠲᠡᠷ ᠪᠦᠷᠳᠦᠯᠵᠡᠨ ᠬᠠᠷᠠᠭᠳᠠᠬᠤ ᠪᠦᠭᠡᠳ ᠤᠯᠠᠮ ᠢᠶᠠᠷ ᠣᠶᠢᠷᠠᠳᠤᠯ᠎ᠠ᠂ ᠤᠳᠠᠯ ᠦᠭᠡᠢ ᠬᠦᠮᠦᠰ ᠤᠨ ᠶᠠᠷᠢᠯᠴᠠᠬᠤ ᠲᠠᠭᠤᠨ ᠭᠠᠷᠴᠤ ᠭᠤᠷᠪᠠᠨ ᠬᠦᠮᠦᠨ ᠥᠭᠡᠳᠡ ᠠᠴᠠ ᠬᠦᠷᠴᠦ ᠢᠷᠡᠪᠡ᠃ ᠲᠡᠳᠡ ᠨᠠᠮᠠᠢᠢ ᠦᠵᠡᠭᠡᠳ ᠣᠴᠢᠷ ᠶᠠᠪᠤᠳᠠᠯ ᠢ ᠠᠰᠠᠭᠤᠵᠤ ᠮᠠᠰᠢ ᠶᠡᠭᠡ ᠪᠢᠰᠢᠷᠡᠭᠰᠡᠨ ᠪᠠᠶᠢᠳᠠᠯ ᠲᠠᠢ᠂ ᠡᠨᠡ ᠬᠦᠦ ᠦᠨᠡᠬᠡᠷ ᠭᠡᠴᠡᠬᠦᠦ ᠪᠠᠶᠢᠨ᠎ᠠ ᠭᠡᠵᠡᠭᠡᠨ᠎ᠡ᠃ ᠪᠢ ᠪᠤᠳᠠᠭ᠎ᠠ ᠪᠠᠨ ᠬᠦᠷᠭᠡᠵᠦ ᠬᠦᠷᠦᠭᠰᠡᠨ ᠳᠤ ᠠᠪᠠᠭ᠎ᠠ ᠡᠭᠡᠴᠢ ᠪᠤᠳᠠᠭ᠎ᠠ ᠴᠠᠶᠢᠯᠭᠠᠬᠤ ᠪᠡᠯᠡᠳᠭᠡᠯ ᠢᠶᠠᠨ ᠬᠢᠵᠦ ᠪᠠᠷᠠᠭᠠᠳ ᠨᠠᠮᠠᠢᠢ ᠤᠨᠲᠠ ᠭᠡᠪᠡ᠃ ᠨᠠᠲᠠ ᠳᠤ ᠲᠠᠪᠤᠨ ᠠᠪᠠᠭ᠎ᠠ ᠡᠭᠡᠴᠢ ᠲᠠᠢ ᠪᠣᠯᠪᠠᠴᠤ ᠬᠠᠮᠤᠭ ᠠᠴᠠ ᠣᠶᠢᠷᠠᠳᠤᠳᠠᠭ ᠨᠢ ᠭᠤᠷᠪᠠᠳᠤᠭᠠᠷ ᠠᠪᠠᠭ᠎ᠠ ᠡᠭᠡᠴᠢ ᠪᠢᠯᠡ᠂ ᠢᠯᠠᠩᠭᠤᠶ᠎ᠠ ᠨᠠᠮᠠᠢᠢ ᠪᠦᠷᠢᠨ ᠪᠠᠭ᠎ᠠ ᠰᠤᠷᠭᠠᠭᠤᠯᠢ ᠳᠤ ᠣᠴᠢᠭᠰᠠᠨ ᠠᠴᠠ ᠬᠤᠶᠢᠰᠢ᠂ ᠤᠳᠠᠭ᠎ᠠ ᠪᠦᠷᠢ ᠰᠤᠷᠭᠠᠭᠤᠯᠢ ᠳᠤ ᠶᠠᠪᠤᠬᠤ ᠪᠠ ᠬᠠᠷᠢᠵᠤ ᠢᠷᠡᠬᠦ ᠳᠡᠭᠡᠨ ᠪᠦᠷ ᠠᠪᠠᠭ᠎ᠠ ᠡᠭᠡᠴᠢ ᠶᠢᠨ ᠳᠤ ᠪᠠᠭᠤᠳᠠᠭ᠂ ᠪᠢ ᠠᠪᠠᠭ᠎ᠠ ᠡᠭᠡᠴᠢ ᠪᠠᠨ ᠶᠡᠷᠦ ᠡᠵᠢ ᠲᠠᠢ ᠪᠠᠨ ᠠᠳᠠᠯᠢ ᠦᠵᠡᠵᠦ᠂ ᠠᠪᠠᠭ᠎ᠠ ᠡᠭᠡᠴᠢ ᠴᠤ ᠨᠠᠮᠠᠢᠢ ᠬᠦᠦ ᠲᠠᠢ ᠪᠠᠨ ᠠᠳᠠᠯᠢ ᠡᠩᠬᠦᠷᠡᠶᠢᠯᠡᠨ ᠰᠠᠨᠠᠳᠠᠭ ᠶᠤᠮ᠃ ᠬᠦᠬᠡᠬᠤᠲᠠ ᠳᠤ ᠢᠷᠡᠬᠦ ᠠᠴᠠ ᠪᠠᠨ ᠡᠮᠦᠨ᠎ᠡ᠂ ᠪᠢ ᠠᠪᠠᠭ᠎ᠠ ᠡᠭᠡᠴᠢ ᠳᠡᠭᠡᠨ ᠰᠠᠯᠬᠤ ᠶᠣᠰᠤ ᠬᠢᠬᠦ ᠪᠠᠷ ᠣᠴᠢᠬᠤ ᠳᠤ᠂ ᠬᠦᠦ ᠮᠢᠨᠢ ᠰᠤᠷᠭᠠᠭᠤᠯᠢ ᠳᠠᠭᠠᠨ ᠣᠴᠢᠪᠠᠯ ᠡᠵᠢ ᠠᠪᠤ ᠳᠠᠭᠠᠨ ᠦᠷᠬᠦᠯᠵᠢ ᠵᠠᠬᠢᠳᠠᠯ ᠢᠷᠡᠭᠦᠯᠵᠦ ᠪᠠᠢ᠂ ᠰᠤᠷᠭᠠᠭᠤᠯᠢ ᠳᠠᠭᠠᠨ ᠬᠤᠨᠤᠵᠤ ᠬᠡᠪᠳᠡᠬᠦ ᠠᠴᠠ ᠢᠳᠡᠵᠦ ᠤᠤᠭᠤᠵᠤ ᠪᠠᠶᠢᠭ᠎ᠠ ᠪᠠᠶᠢᠳᠠᠯ ᠳᠠᠭᠠᠨ ᠬᠦᠷᠳᠡᠯ᠎ᠡ ᠬᠡᠯᠡᠵᠦ ᠥᠭ᠂ ᠡᠵᠢ ᠠᠪᠤ ᠴᠢᠨᠢ ᠮᠡᠳᠡᠪᠡᠯ ᠪᠠᠶᠠᠷᠯᠠᠬᠤ ᠶᠤᠮ ᠰᠢᠦ ᠭᠡᠵᠦ ᠰᠤᠷᠭᠠᠵᠤ ᠪᠠᠶᠢᠭᠰᠠᠨ ᠪᠢᠯᠡ᠃ ᠪᠢ ᠬᠡᠳᠦ᠋ᠪᠡᠷ ᠠᠪᠠᠭ᠎ᠠ ᠡᠭᠡᠴᠢ ᠶᠢᠨ ᠬᠡᠯᠡᠭᠰᠡᠨ ᠶᠣᠰᠤᠭᠠᠷ ᠬᠢᠭᠰᠡᠨ ᠪᠣᠯᠪᠠᠴᠤ ᠨᠠᠷᠢᠨ ᠣᠴᠢᠷ ᠢ ᠬᠦᠨ ᠮᠡᠳᠡᠭᠰᠡᠨ ᠦᠭᠡᠢ᠃ ᠬᠠᠷᠢᠨ ᠭᠤᠴᠢᠨ ᠵᠢᠯ ᠤᠨ ᠲᠠᠷᠠᠭ᠎ᠠ ᠮᠢᠨᠦ ᠬᠦᠦ᠂ ᠬᠡᠦᠬᠡᠨ ᠭᠠᠳᠠᠨ᠎ᠠ ᠭᠠᠵᠠᠷ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠬᠤ ᠳᠤᠨᠢ ᠡᠳᠦᠷᠵᠢᠨ ᠵᠠᠬᠢᠳᠠᠯ ᠴᠢᠮᠡᠭᠡ ᠶᠢ ᠨᠢ ᠬᠦᠰᠡᠵᠦ ᠪᠠᠶᠢᠭᠰᠠᠨ ᠪᠠ ᠵᠠᠬᠢᠳᠠᠯ ᠢ ᠨᠢ ᠦᠵᠡᠪᠡᠯ ᠪᠠᠶᠠᠷᠯᠠᠬᠤ ᠳᠠᠭᠠᠨ ᠠᠪᠠᠭ᠎ᠠ ᠡᠭᠡᠴᠢ ᠶᠢᠨ ᠮᠢᠨᠢ ᠲᠤᠬᠠᠢ ᠶᠢᠨ ᠦᠶ᠎ᠡ ᠳᠤ ᠬᠡᠯᠡᠵᠦ ᠰᠤᠷᠭᠠᠵᠤ ᠪᠠᠶᠢᠭᠰᠠᠨ ᠦᠭᠡᠨ ᠤ ᠬᠦᠨ ᠤᠳᠭ᠎ᠠ ᠶᠢ ᠣᠶᠢᠯᠠᠭᠠᠭᠰᠠᠨ ᠪᠢᠯᠡ᠃ᠲᠡᠷᠡ ᠰᠦᠨᠢ ᠪᠢ ᠬᠤᠶᠠᠷ ᠪᠦᠯᠦ ᠲᠡᠭᠦᠦ ᠲᠠᠢ ᠪᠠᠨ ᠤᠨᠳᠠᠵᠦ᠂ ᠨᠦᠢᠷ ᠬᠤᠯᠵᠢᠭᠰᠠᠨ ᠪᠣᠯᠪᠠᠴᠤ ᠶᠠᠳᠠᠭᠰᠠᠨ ᠤ ᠡᠷᠭᠡᠨ ᠳᠤ ᠬᠡᠳᠦᠢ ᠳᠤ ᠪᠤᠳᠠᠭ᠎ᠠ ᠴᠠᠶᠢᠯᠭᠠᠵᠤ ᠪᠠᠷᠠᠭᠰᠠᠨ ᠢ ᠮᠡᠳᠡᠭᠰᠡᠨ ᠦᠭᠡᠢ᠂ ᠨᠢᠭᠡ ᠮᠡᠳᠡᠬᠦ ᠳᠤ ᠠᠪᠠᠭ᠎ᠠ ᠡᠭᠡᠴᠢ ᠨᠠᠮᠠᠢᠢ ᠳᠠᠭᠤᠳᠠᠨ ᠰᠡᠷᠡᠭᠡᠵᠦ ᠪᠤᠳᠠᠭ᠎ᠠ ᠢᠳᠡ ᠭᠡᠪᠡ᠃ ᠪᠣᠰᠤᠭᠠᠳ ᠦᠵᠡᠭᠰᠡᠨ ᠴᠢᠨᠢ ᠠᠪᠠᠭ᠎ᠠ ᠡᠭᠡᠴᠢ ᠮᠠᠨᠢ ᠴᠠᠶᠢᠯᠭᠠᠭᠰᠠᠨ ᠪᠤᠳᠠᠭ᠎ᠠ ᠪᠠᠨ ᠬᠡᠦᠳᠡᠢ ᠳᠤ ᠰᠠᠪᠠᠯᠠᠭᠠᠳ ᠪᠡᠯᠡᠨ ᠪᠣᠯᠭᠠᠭᠰᠠᠨ ᠪᠠᠶᠢᠵᠠᠢ᠃ ᠪᠢ ᠲᠡᠷᠡ ᠦᠷᠯᠦᠭᠡ ᠳᠡᠭᠡᠨ ᠴᠠᠭᠠᠨ ᠪᠤᠳᠠᠭ᠎ᠠ ᠪᠠᠨ ᠡᠯᠵᠢᠭᠡᠨ ᠳᠡᠭᠡᠨ ᠠᠴᠢᠭᠠᠳ ᠰᠤᠷᠭᠠᠭᠤᠯᠢ ᠪᠠᠨ ᠴᠢᠭᠯᠡᠪᠡ᠂ ᠦᠳᠡ ᠶᠢᠨ ᠬᠤᠶᠢᠨ᠎ᠠ ᠨᠢ ᠪᠣᠷᠤ ᠮᠦᠷ ᠢᠶᠠᠷ ᠢᠶᠠᠨ ᠡᠷᠬᠢᠵᠦ ᠭᠡᠷ ᠵᠦᠭ ᠲᠡᠭᠡᠨ ᠬᠡᠯᠳᠦᠷᠢᠵᠡᠢ᠃ ᠮᠠᠷᠭᠠᠰᠢ ᠦᠷᠯᠦᠭᠡ ᠨᠢ ᠭᠡᠭᠡ ᠣᠷᠤᠬᠤ ᠠᠴᠠ ᠡᠮᠦᠨ᠎ᠡ ᠪᠣᠰᠤᠭᠠᠳ ᠰᠤᠷᠭᠠᠭᠤᠯᠢ ᠵᠦᠭ ᠲᠡᠭᠡᠨ ᠭᠦᠶᠦᠭᠰᠡᠭᠡᠷ ᠲᠦᠷᠦᠭᠦᠦ ᠬᠢᠴᠢᠶᠡᠯ ᠣᠷᠤᠬᠤ ᠠᠴᠠ ᠡᠮᠦᠨ᠎ᠡ ᠲᠦᠩᠭᠡᠵᠦ ᠬᠦᠷᠪᠡ᠃ ᠠᠶᠤᠵᠤ ᠰᠣᠴᠢᠭᠰᠠᠨ ᠠᠴᠠ ᠶᠤᠮ ᠦᠦ᠂ ᠡᠰᠡᠭᠦᠯ᠎ᠡ ᠬᠤᠶᠠᠷ ᠭᠤᠷᠪᠠᠨ ᠡᠳᠦᠷ ᠤᠨ ᠰᠢᠷᠦᠭᠦᠨ ᠶᠠᠪᠤᠭᠰᠠᠨ ᠠᠴᠠ ᠶᠤᠮ ᠦᠦ᠂ ᠪᠡᠶ᠎ᠡ ᠨᠡᠯᠢᠶᠡᠳ ᠶᠡᠳᠠᠷᠠᠭᠰᠠᠨ ᠪᠠᠶᠢᠳᠠᠯ ᠲᠠᠢ ᠪᠣᠯᠵᠤ ᠴᠢᠷᠠᠢ ᠬᠤᠵᠶᠢᠭᠰᠠᠨ ᠳᠤ ᠨᠦᠬᠦᠳ ᠮᠢᠨᠢ ᠨᠠᠮᠠᠢᠢ ᠡᠪᠡᠳᠴᠢᠯᠡᠭᠰᠡᠨ ᠪᠠᠶᠢᠨ᠎ᠠ ᠭᠡᠵᠦ ᠬᠠᠭᠠᠰ ᠡᠳᠦᠷ ᠤᠨ ᠴᠢᠯᠦᠭᠡ ᠭᠤᠶᠤᠵᠤ ᠠᠮᠠᠷᠠᠴᠢᠬ᠎ᠠ ᠭᠡᠵᠡᠭᠡᠵᠦ ᠪᠠᠶᠢᠭᠰᠠᠨ ᠪᠢᠯᠡ᠃ᠲᠦᠯᠡᠰᠢ ᠶᠢᠨ ᠠᠰᠠᠭᠤᠳᠠᠯ ᠬᠠᠮᠤᠭ ᠠᠴᠠ ᠬᠡᠴᠡᠭᠦᠦ ᠪᠠᠶᠢᠯ᠎ᠠ᠃ ᠪᠠᠷᠤᠭ ᠲᠦᠷᠪᠡᠳᠦᠭᠡᠷ ᠣᠨ ᠤ ᠲᠦᠯᠡᠰᠢᠨ ᠳᠡᠭᠡᠨ ᠵᠣᠭᠤᠰ ᠪᠣᠳᠤᠵᠤ ᠦᠭᠭᠦᠭᠰᠡᠨ ᠪᠠᠶᠢᠬᠤ ᠡ᠃ ᠲᠠᠪᠤᠳᠤᠭᠠᠷ ᠣᠨ ᠤ ᠨᠢᠭᠡ ᠵᠢᠯ ᠤᠨ ᠲᠦᠯᠡᠭᠡ ᠪᠠᠨ ᠪᠢ ᠦᠪᠡᠷ ᠢᠶᠠᠨ ᠰᠢᠢᠳᠪᠦᠷᠢᠯᠡᠪᠡ᠃ ᠰᠤᠷᠭᠠᠭᠤᠯᠢ ᠶᠢᠨ ᠠᠷᠤ ᠶᠢᠨ ᠮᠠᠩᠬ᠎ᠠ ᠪᠠᠷ ᠡᠷᠮ᠎ᠠ ᠦᠨᠳᠦᠷ ᠤᠷᠭᠤᠭᠰᠠᠨ ᠪᠠᠶᠢᠪᠠ᠃ ᠵᠤᠨ ᠤ ᠠᠮᠠᠷᠠᠯᠲᠠ ᠳᠤ ᠪᠢ ᠬᠤᠶᠠᠷ ᠡᠳᠦᠷ ᠲᠤ ᠵᠠᠭᠤ ᠵᠢᠷᠠᠭᠠᠳ ᠪᠣᠭᠤᠵᠢ ᠬᠠᠳᠤᠪᠠ᠂ ᠬᠠᠳᠤᠭᠰᠠᠨ ᠡᠷᠮ᠎ᠠ ᠪᠠᠨ ᠪᠣᠭᠤᠵᠢᠯᠠᠨ ᠲᠡᠯᠭᠡᠵᠦ ᠲᠠᠯᠪᠢᠭᠠᠳ᠂ ᠰᠤᠷᠭᠠᠭᠤᠯᠢ ᠡᠬᠢᠯᠡᠪᠡᠯ ᠬᠠᠮᠲᠤ ᠰᠤᠷᠤᠭᠴᠢᠳ ᠢᠶᠠᠨ ᠭᠤᠶᠤᠵᠤ ᠰᠤᠷᠭᠠᠭᠤᠯᠢ ᠳᠤ ᠵᠦᠭᠡᠭᠡᠵᠦ ᠣᠷᠤᠭᠤᠯᠤᠨ᠂ ᠪᠦᠭᠦᠳᠡ ᠶᠢ ᠨᠢ ᠵᠠᠭᠤ ᠬᠤᠷᠢᠨ ᠪᠣᠭᠤᠵᠢ ᠪᠠᠷ ᠪᠣᠳᠤᠵᠤ ᠥᠭᠬᠦ ᠪᠠᠷ ᠪᠡᠯᠡᠳᠭᠡᠪᠡ᠃ ᠲᠡᠷᠡ ᠵᠢᠯ ᠳᠤᠨᠢ ᠰᠤᠷᠭᠠᠭᠤᠯᠢ ᠡᠬᠢᠯᠡᠩᠭᠦᠳᠡ ᠲᠦᠯᠡᠰᠢ ᠳᠤᠲᠠᠭᠳᠠᠵᠤ ᠪᠠᠶᠢᠭᠰᠠᠨ ᠪᠦᠭᠡᠳ ᠠᠮᠢᠳᠤᠷᠠᠯ ᠬᠠᠮᠢᠶᠠᠷᠤᠭᠴᠢ ᠪᠣᠷᠵᠤᠤ ᠪᠠᠭᠰᠢ ᠮᠢᠨᠦ ᠲᠦᠯᠡᠭᠡ ᠬᠠᠳᠤᠭᠰᠠᠨ ᠢ ᠮᠡᠳᠡᠭᠰᠡᠨ ᠪᠠᠶᠢᠵᠠᠢ᠂ ᠤᠴᠢᠷ ᠨᠢ ᠨᠠᠮᠠᠢᠢ ᠡᠷᠮ᠎ᠠ ᠬᠠᠳᠤᠵᠤ ᠪᠠᠶᠢᠬᠤ ᠳᠤ ᠰᠤᠷᠭᠠᠭᠤᠯᠢ ᠶᠢᠨ ᠲᠣᠭᠤᠭᠠᠴᠢ ᠠᠪᠤ ᠬᠠᠷᠠᠭᠰᠠᠨ ᠶᠤᠮ᠃ ᠪᠤ ᠪᠠᠭᠰᠢ ᠨᠠᠮᠠᠢᠢ ᠳᠠᠭᠤᠳᠠᠨ ᠪᠠᠶᠢᠳᠠᠯ ᠢ ᠠᠰᠠᠭᠤᠯ᠎ᠠ᠃ ᠪᠢ ᠡᠷᠮ᠎ᠠ ᠬᠠᠳᠤᠭᠰᠠᠨ ᠢᠶᠠᠨ ᠦᠨᠡᠨ ᠢᠶᠠᠷ ᠢᠶᠠᠨ ᠬᠡᠯᠡᠭᠡᠳ ᠪᠦᠭᠦᠳᠡ ᠶᠢ ᠵᠠᠭᠤ ᠬᠤᠷᠢᠨ ᠪᠣᠭᠤᠵᠢ ᠪᠠᠷ ᠪᠣᠳᠤᠭᠠᠳ ᠥᠭᠬᠦ ᠳᠤ ᠪᠣᠯᠤᠨ᠎ᠠ ᠦᠦ︖ ᠭᠡᠬᠦ ᠳᠤ ᠪᠤ ᠪᠠᠭᠰᠢ ᠢᠨᠢᠶᠡᠭᠡᠳ ︽ᠪᠣᠯᠬᠤ ᠦᠭᠡᠢ ᠂ ᠴᠢᠨᠦ ᠵᠠᠭᠤ ᠵᠢᠷᠠᠨ ᠪᠣᠭᠤᠵᠢ ᠶᠢ ᠪᠢ ᠶᠠᠭᠤᠨ ᠳᠤ ᠵᠠᠭᠤ ᠬᠤᠷᠢᠨ ᠪᠣᠭᠤᠵᠢ ᠳᠤ ᠪᠣᠳᠤᠵᠤ ᠪᠣᠯᠬᠤ ᠪᠣᠢ᠂ ᠢᠯᠡᠭᠦᠦ ᠭᠠᠷᠤᠭᠰᠠᠨ ᠬᠡᠰᠡᠭ ᠢ ᠨᠢ ᠦᠨ᠎ᠡ ᠬᠠᠩᠰᠢ ᠪᠠᠷ ᠨᠢ ᠪᠣᠳᠤᠵᠤ ᠨᠣᠭᠤᠭ᠎ᠠ ᠶᠢᠨ ᠵᠣᠭᠤᠰᠤᠨ ᠳᠤ ᠴᠢᠨᠢ ᠰᠠᠭᠤᠯᠭᠠᠵᠤ ᠦᠭᠬᠦᠶ᠎ᠡ︾ ᠭᠡᠵᠡᠢ᠃ ᠦᠨᠡᠨ ᠳᠡᠭᠡᠨ ᠪᠣᠯ ᠪᠢ ᠡᠷᠮ᠎ᠠ ᠬᠠᠳᠤᠭᠠᠳ ᠡᠬᠦᠨ ᠢ ᠲᠦᠯᠡᠰᠢᠨ ᠳᠤ ᠪᠣᠳᠤᠵᠤ ᠠᠪᠬᠤ ᠡᠰᠡᠬᠦ ᠶᠢ ᠮᠡᠳᠡᠬᠦ ᠦᠭᠡᠢ ᠲᠣᠳᠤᠷ᠎ᠠ ᠮᠢᠨᠢ ᠲᠦᠭ ᠲᠠᠭ ᠲᠠᠢ ᠪᠠᠶᠢᠭᠰᠠᠨ ᠮᠦᠷᠳᠡᠭᠡᠨ ᠢᠯᠠᠩᠭᠤᠶ᠎ᠠ ᠪᠤᠣ ᠪᠠᠭᠰᠢ ᠶᠢᠨ ᠦᠭᠡ ᠡᠬᠢᠯᠡᠩᠭᠦᠳᠡ ︽ᠪᠣᠯᠬᠤ ᠦᠭᠡᠢ︾ ᠭᠡᠰᠡᠨ ᠢ ᠰᠣᠨᠤᠰᠤᠭᠠᠳ ᠳᠣᠲᠤᠷ᠎ᠠ ᠮᠢᠨᠢ ᠠᠭᠵᠠᠰᠭᠢᠵᠤ ᠠᠪᠤᠪᠠ᠂ ᠭᠡᠳᠡᠯ᠎ᠡ ᠪᠤ ᠪᠠᠭᠰᠢ ᠮᠢᠨᠢ ᠪᠦᠷ ᠲᠤᠭ᠎ᠠ ᠶᠣᠰᠤᠭᠠᠷ ᠨᠢ ᠪᠣᠳᠤᠭᠰᠠᠨ ᠢᠶᠠᠷ ᠪᠠᠷᠠᠬᠤ ᠦᠭᠡᠢ᠂ ᠮᠢᠨᠦ ᠢᠩᠬᠢᠵᠦ ᠬᠢᠭᠰᠡᠨ ᠢ ᠦᠪᠡᠷ ᠤᠨ ᠬᠦᠴᠢᠷ ᠢᠶᠠᠨ ᠦᠪᠡᠷ ᠢᠶᠠᠨ ᠰᠢᠢᠳᠪᠦᠷᠢᠯᠡᠭᠰᠡᠨ ᠵᠦᠪ ᠠᠵᠢᠯᠯᠠᠭ᠎ᠠ ᠮᠦᠨ ᠭᠡᠵᠦ ᠰᠠᠶᠢᠰᠢᠶᠠᠭᠰᠠᠨ ᠨᠢ ᠨᠠᠲᠠ ᠳᠤ ᠶᠡᠭᠡ ᠵᠣᠷᠢᠭᠵᠢᠭᠤᠯᠤᠯ ᠪᠣᠯᠵᠠᠢ᠃ ᠡᠬᠦᠨ ᠠᠴᠠ ᠪᠣᠯᠵᠤ ᠦᠷᠬᠦᠯᠵᠢᠯᠡᠨ ᠰᠤᠷᠤᠯᠴᠠᠬᠤ ᠳᠤ ᠨᠡᠩ ᠢᠲᠡᠭᠡᠯ ᠲᠠᠢ᠂ ᠨᠡᠩ ᠵᠣᠷᠢᠭ ᠲᠡᠭᠦᠯᠳᠡᠷ ᠪᠣᠯᠤᠭᠰᠠᠨ ᠢᠶᠠᠷ ᠪᠠᠷᠠᠬᠤ ᠦᠭᠡᠢ᠂ ᠬᠦᠴᠢᠷ ᠪᠡᠷᠬᠡᠰᠢᠶᠡᠯ ᠲᠤᠯᠭᠠᠷᠠᠪᠠᠯ ᠠᠷᠭ᠎ᠠ ᠰᠦᠪᠡᠭᠴᠢᠯᠡᠨ ᠪᠡᠶ᠎ᠡ ᠪᠠᠨ ᠳᠠᠭᠠᠭᠠᠵᠤ ᠰᠤᠷᠤᠯᠴᠠᠬᠤ᠂ ᠪᠡᠶ᠎ᠡ ᠪᠠᠨ ᠳᠠᠭᠠᠭᠠᠵᠤ ᠳᠠᠪᠠᠵᠤ ᠲᠤᠭᠤᠯᠬᠤ ᠵᠣᠷᠢᠭ ᠢ ᠬᠦᠪᠴᠢᠯᠡᠭᠰᠡᠨ ᠶᠤᠮ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号