ᠡᠭᠡᠪᠤᠷ ᠲᠠᠭᠠᠭᠰᠠᠨ ᠴᠠᠰᠤ ᠵᠠᠬ᠎ᠠ ᠬᠦᠪᠡᠭᠡ ᠠᠴᠠ ᠪᠠᠨ ᠰᠡᠮᠡᠷᠡᠨ ᠬᠠᠶᠢᠯᠵᠤ᠂ ᠨᠤᠳᠤᠭ ᠤᠨ ᠪᠤᠷᠤᠬᠠᠨ ᠰᠢᠪᠠᠭᠤᠳ | ᠨᠠᠷᠠ ᠲᠠᠢ ᠤᠷᠤᠯᠳᠤᠵᠤ ᠱᠤᠯᠤᠭᠠᠨᠠᠯᠳᠤᠨ᠂ ᠨᠢᠳᠦ ᠨᠢ ᠰᠡᠷᠬᠦᠭᠰᠡᠨ ᠰᠢᠳᠤᠯᠠᠩ ᠤᠳ ᠰᠡᠬᠦᠯ ᠰᠤᠭᠰᠦ᠋ᠢᠯᠭᠠᠨ | ᠰᠤᠷᠳᠤᠭᠤᠯᠠᠵᠤ᠂ ᠬᠦᠳᠡᠭᠡ ᠶᠢᠨ ᠪᠡᠯᠴᠢᠭᠡᠷ ᠲᠤ ᠲᠤᠶᠢᠭ ᠤᠨ ᠲᠠᠭᠤᠨ ᠠᠶᠢᠵᠠᠮᠯᠠᠨ ᠤᠶᠠᠩᠭᠠᠷᠠᠭᠠᠳ ᠁ ᠮᠢᠨᠦ | ᠨᠤᠳᠤᠭ ᠤᠨ ᠬᠠᠪᠤᠷ ᠲᠠᠭᠤᠳᠠᠢ ᠱᠤᠤᠳᠠᠢ ᠰᠠᠭᠠᠳᠠᠳᠠᠭ ᠰᠠᠨ᠃ | ᠤᠶᠠᠩᠭ᠎ᠠ ᠡᠬᠡᠰᠢᠭ ᠬᠠᠩᠬᠢᠨᠠᠨ᠂ ᠤᠯᠠᠨ ᠠᠵᠢᠯ ᠬᠦᠪᠦᠷᠡᠭᠰᠡᠨ ᠬᠦᠳᠡᠯᠮᠦᠷᠢ ᠶᠢᠨ ᠤᠷᠢᠶ᠎ᠠ ᠲᠠᠢ ᠬᠠᠪᠤᠷ ᠤᠨ | ᠤᠯᠠᠷᠢᠯ ᠰᠠᠶᠢᠬᠠᠨ ᠠᠴᠠ ᠰᠠᠶᠢᠬᠠᠨ ᠡ᠃ ᠬᠤᠷᠠᠭ᠎ᠠ ᠢᠰᠢᠬᠡ ᠠᠮᠠᠳᠠᠭᠤᠯᠬᠤ᠂ ᠬᠤᠷᠤᠭ᠎ᠠ ᠬᠤᠳᠠ ᠬᠠᠭᠤᠷᠠᠶᠢᠯᠠᠬᠤ ︵ | ᠨᠤᠷᠠᠯᠠᠬᠤ︶᠂ ᠬᠠᠭᠠᠷᠬᠠᠢ ᠴᠤᠭᠤᠷᠬᠠᠢ ᠦᠮᠦᠷᠡᠬᠦᠯᠬᠦ ︵ᠤᠶᠤᠬᠤ︶ ᠁ ᠭᠡᠳ ᠡᠵᠢ ᠶᠢᠨ ᠠᠵᠢᠯ ᠮᠤᠩᠳᠠᠬᠤ | ᠦᠭᠡᠢ᠃ ᠲᠦᠯ ᠲᠠᠯᠪᠢᠬᠤ᠂ ᠬᠤᠨᠢ ᠲᠦᠢᠭ᠌ᠯᠠᠬᠤ᠂ ᠲᠦᠯ ᠤᠨ ᠵᠤᠩᠭᠠᠭ ᠴᠡᠪᠡᠷᠯᠡᠬᠦ ᠁ ᠭᠡᠳ ᠮᠢᠨᠦ ᠠᠵᠢᠯ | ᠴᠦ ᠬᠢᠷᠢ ᠳᠡᠭᠡᠨ ᠶᠠᠭᠠᠷᠠᠤ᠃ ᠵᠠ᠂ ᠡᠶᠢᠮᠦ ᠬᠤᠶᠠᠷ ᠠᠵᠢᠯᠰᠠᠭ ᠬᠦᠮᠦᠨ ᠡᠨᠡ ᠠᠶᠢᠯ ᠤᠨ ᠬᠡᠷ ᠤᠷᠤᠨ᠂ ᠬᠤᠳᠠ | ᠬᠤᠷᠤᠭᠠᠨ ᠤ ᠲᠤᠮᠳᠠ ᠬᠤᠯᠬᠢᠵᠤ ᠦᠨᠵᠢᠳᠡᠭ ᠪᠤᠯ ᠲᠦᠯᠡᠭᠡ ᠤᠰᠤ ᠲᠡᠩᠨᠡᠬᠦ᠂ ᠡᠮᠨᠢᠭ ᠲᠤᠭᠰᠢᠨ ᠰᠤᠷᠭᠠᠬᠤ᠂ | ᠰᠢᠭᠡᠭ ᠬᠦᠷᠵᠡᠩ ᠬᠢᠰᠭᠢᠬᠦ ᠁ ᠭᠡᠳ ᠠᠪᠤ ᠲᠡᠷᠢᠬᠦᠳᠡᠢ ᠮᠠᠨ ᠤ ᠡᠷᠡᠴᠦᠦᠯ ᠤᠨ ᠠᠵᠢᠯ ᠴᠦ ᠵᠠᠬ᠎ᠠ ᠠᠴᠠ ᠠᠪᠤᠨ᠂ | ᠵᠠᠮ ᠠᠴᠠ ᠦᠷᠬᠦᠯᠵᠢᠯᠡᠨ᠎ᠡ᠃ | ᠮᠠᠯ ᠪᠡᠭᠡᠷᠡᠭ ᠪᠤᠯᠤᠨ᠎ᠠ ᠭᠡᠳ ᠮᠠᠨ ᠤ ᠬᠢ ᠬᠤᠨᠢ ᠮᠠᠯ ᠢᠶᠠᠨ ᠬᠤᠷᠢᠵᠤ ᠬᠠᠰᠢᠶᠠᠯᠠᠬᠤ ᠶᠢ ᠲᠠᠭᠠᠯᠠᠬᠤ ᠦᠭᠡᠢ᠃ ᠫᠧᠩ | ᠰᠠᠷᠠᠪᠴᠢ᠂ ᠬᠤᠷᠤᠭ᠎ᠠ ᠬᠠᠰᠢᠶ᠎ᠠ ᠮᠡᠳᠦ ᠶᠢᠨ ᠪᠠᠷᠢᠯᠭ᠎ᠠ ᠲᠦᠬᠦᠭᠡᠷᠦᠮᠵᠢ ᠶᠢᠨ ᠲᠠᠯ᠎ᠠ ᠪᠠᠷ ᠭᠠᠪᠢᠬᠤ ᠦᠭᠡᠢ ᠴᠦ ᠭᠡᠯᠡ | ᠬᠤᠨᠢ ᠪᠠᠨ ᠪᠡᠭᠡᠷᠡᠬᠦᠯᠦᠨ᠂ ᠢᠮᠠᠭ᠎ᠠ ᠪᠠᠨ ᠲᠠᠷᠤᠴᠠᠭᠤᠯᠵᠤ᠂ ᠬᠦᠭ ᠢᠶᠠᠨ ᠲᠠᠷᠢᠨ ᠬᠦᠳᠦᠰᠦ ᠪᠠᠨ ᠴᠢᠷᠴᠦ ᠪᠠᠶᠢᠭ᠎ᠠ | ᠦᠭᠡᠢ᠃ | ᠶᠢᠰᠦ ᠤᠷᠤᠬᠤ ᠳᠤ ᠮᠠᠯ ᠢᠶᠠᠨ ᠬᠦᠷᠵᠡᠩ ᠢᠶᠠᠷ ᠪᠠᠷᠢᠭᠰᠠᠨ ᠵᠠᠳᠠᠭᠠᠢ ᠬᠤᠷᠤᠭᠠᠨ ᠳᠤ ᠬᠤᠷᠢᠵᠤ᠂ ᠲᠠᠪᠤ ᠵᠢᠰᠦ | ᠲᠤᠭᠠᠯᠠᠩᠭᠤᠳᠠ ︽ᠮᠠᠯ ᠤᠨ ᠭᠡᠭᠡᠯ ᠰᠢᠬᠠᠴᠢᠬᠠᠨᠠ︕︾ ᠭᠡᠳ ᠵᠠᠳᠠᠭᠠᠢ ᠬᠤᠨᠤᠭᠤᠯᠤᠨ᠂ ᠠᠪᠤ ᠡᠵᠢ ᠬᠤᠶᠠᠷ | ᠡᠭᠡᠯᠵᠢᠯᠡᠨ ᠬᠤᠳᠠ ᠡᠷᠬᠢᠵᠦ ᠨᠢᠯᠬ᠎ᠠ ᠲᠦᠯ ᠢᠶᠠᠨ ᠡᠰᠡᠨ ᠮᠡᠨᠳᠦ ᠲᠤᠰᠤᠨ᠎ᠠ᠃ ᠲᠠᠩ ᠪᠦᠷᠢᠶᠡᠰᠦ ᠲᠠᠢ ᠬᠡᠷ ᠢᠶᠠᠨ | ᠲᠦᠬᠡ ᠵᠤᠵᠠᠭᠠᠨ ᠨᠤᠷᠠᠯᠠᠭᠠᠳ ᠪᠠᠷᠠᠭᠤᠨ ᠬᠤᠶᠢᠳᠤ ᠬᠠᠶᠠᠭ᠎ᠠ ᠪᠠᠷ ᠨᠢ ᠬᠦᠷᠵᠡᠩ ᠢᠶᠠᠷ ᠲᠠᠰᠤᠯᠪᠤᠷᠢ ᠪᠠᠷᠢᠵᠦ ᠨᠢᠯᠬ᠎ᠠ | ᠲᠦᠯ ᠢᠶᠠᠨ ᠬᠤᠷᠢᠵᠤ᠂ ᠬᠦᠷᠦᠪᠡ ᠶᠢ ᠨᠢ ᠲᠦᠯ ᠤᠨ ᠭᠡᠷ ᠭᠡᠵᠦ ᠪᠡᠯᠡᠳᠭᠡᠭᠰᠡᠨ ᠮᠤᠩᠭᠤᠯ ᠭᠡᠷ ᠲᠡᠭᠡᠨ ᠵᠠᠳᠠᠭᠠᠢ | ᠬᠤᠨᠤᠭᠤᠯᠤᠨ᠎ᠠ᠃ ᠲᠦᠯ ᠬᠡᠴᠢᠨᠡᠨ ᠤᠯᠠᠨ ᠴᠦ ᠮᠠᠯ ᠲᠦᠯᠯᠡᠵᠦ ᠲᠠᠭᠤᠰᠬᠤ ᠠᠴᠠ ᠡᠮᠦᠨ᠎ᠡ ᠮᠠᠯ ᠬᠠᠰᠢᠶᠠᠯᠠᠵᠤ ᠲᠦᠯ | ᠢᠯᠠᠭᠠᠠᠤ ᠶᠢ ᠮᠡᠳᠡᠬᠦ ᠦᠭᠡᠢ᠃ ᠵᠠᠭᠤ ᠭᠠᠷᠤᠢ ᠬᠤᠶᠠᠷ ᠵᠠᠭᠤ ᠰᠢᠬᠠᠮ ᠬᠤᠷᠠᠭ᠎ᠠ ᠶᠢ ᠨᠢᠬᠡ ᠨᠢᠬᠡ ᠪᠠᠷ ᠨᠢ ᠪᠠᠷᠢᠵᠤ | ᠵᠦᠬᠡᠬᠡᠳᠡᠭ᠃ ᠬᠦᠷᠦᠪᠡᠵᠢᠭᠰᠡᠨ ᠬᠤᠷᠠᠭ᠎ᠠ ᠪᠠᠷᠢᠬᠤ ᠳᠤ ᠬᠡᠴᠡᠬᠦᠦ᠃ ᠠᠷᠠᠢ ᠭᠡᠵᠦ ᠪᠠᠷᠢᠭᠠᠳ ᠰᠤᠭᠤᠪᠴᠢᠯᠠᠬᠤ ᠪᠠᠷ | ᠴᠠᠳᠬᠤᠯᠠᠩ ᠬᠡᠳᠡᠰᠦ ᠨᠢ ᠲᠤᠭᠤᠭᠰᠢ ᠪᠠᠨ ᠤᠨᠵᠢᠨ ᠬᠤᠶᠢᠳᠦ ᠬᠦᠯ ᠨᠢ ᠭᠠᠵᠠᠷ ᠲᠠᠢ ᠦᠷᠬᠦᠯᠵᠢᠯᠡᠨ᠎ᠡ᠃ | ᠰᠤᠭᠤᠪᠴᠢᠯᠠᠭᠰᠠᠨ ᠡᠵᠡᠨ ᠨᠢ ᠠᠷᠭ᠎ᠠ ᠦᠭᠡᠢ ᠵᠢᠵᠢᠭᠬᠡᠨ ᠪᠤᠯᠤᠭᠠᠳ ᠲᠡᠷᠡ ᠪᠢᠵᠠ᠃ ᠲᠦᠯ ᠢᠶᠠᠨ ᠡᠷᠬᠦᠵᠦ ︵ᠲᠦᠯ | ᠪᠡᠷᠢᠵᠦ ᠬᠤᠷᠢᠶᠠᠯᠠᠬᠤ ᠶᠢ ᠲᠦᠯ ᠡᠷᠬᠦᠨ᠎ᠡ ᠭᠡᠳᠡᠭ︶ ᠲᠠᠭᠤᠰᠤᠮᠠᠭᠴᠠ ᠰᠤᠯᠢ᠂ ᠴᠠᠬᠢᠯᠳᠠᠭ᠂ ᠲᠡᠷᠡᠰᠦᠨ ᠤ | ᠦᠯᠦᠩ ᠢ ᠨᠠᠷᠢᠨ ᠰᠢᠳᠠᠮ ᠢᠶᠠᠷ ᠴᠢᠩᠭ᠎ᠠ ᠪᠤᠭᠤᠵᠤ᠂ ᠤᠨᠢᠨ ᠠᠴᠠ ᠠᠳᠡ ᠲᠡᠨᠳᠡ ᠦᠭᠡᠢ ᠵᠢᠷᠶᠢᠳᠡᠯᠡ ᠤᠶᠠᠨ᠂ | ᠲᠦᠯ ᠬᠤᠵᠢᠷᠰᠢᠨᠡ ᠬᠡᠮᠡᠨ ᠬᠠᠨ᠎ᠠ ᠶᠢᠨ ᠨᠢᠳᠦᠨ ᠳᠤ ᠪᠤᠳᠠᠷᠭᠠᠨ᠎ᠠ ᠬᠠᠪᠴᠢᠭᠤᠯᠤᠨ᠎ᠠ᠃ ᠵᠢᠪᠡᠷ ᠲᠤ ᠭᠠᠷᠴᠤ᠂ | ᠰᠡᠷᠢᠬᠦᠨ ᠳᠤ ᠬᠦᠷᠦᠪᠡᠵᠢᠭᠰᠡᠨ ᠲᠦᠯ ᠨᠤᠤᠬᠠᠳᠤᠵᠤ ᠠᠮᠠᠷᠤᠳᠠᠬᠤ ᠶᠢᠨ ᠵᠤᠪᠠᠯᠠᠩ ᠦᠭᠡᠢ ᠪᠦᠬᠡ ᠦᠯᠴᠢᠷ | ᠪᠠᠶᠢᠳᠠᠭ ᠨᠢ ᠮᠠᠯ ᠢᠶᠠᠨ ᠰᠡᠷᠢᠬᠦᠨ ᠤᠷᠴᠢᠨ ᠳᠤ ᠮᠠᠯᠵᠢᠭᠰᠠᠨ ᠤ ᠠᠴᠢ ᠪᠤᠶᠤ᠃ | ᠰᠠᠭᠠᠭᠰᠠᠨ ᠮᠠᠯ ᠰᠦ ᠲᠠᠢ ᠲᠦᠯᠯᠡᠳᠡᠭ ᠭᠡᠳ ᠮᠠᠨ ᠤ ᠬᠢ ᠮᠠᠯ ᠢᠶᠠᠨ ᠰᠠᠭᠠᠵᠤ ᠰᠢᠪᠳᠤᠷᠬᠤ ᠶᠢ ᠮᠠᠰᠢ ᠡᠷᠬᠢᠮᠯᠡᠨ᠎ᠡ | ᠃ ᠵᠤᠨ ᠳᠠᠭᠠᠨ ᠬᠤᠨᠢ ᠪᠠᠨ ᠬᠤᠯᠪᠤᠵᠤ ᠰᠠᠭᠠᠳᠠᠭ ᠪᠤᠯ ᠬᠠᠪᠤᠷ ᠲᠠᠭᠠᠨ ᠬᠤᠷᠠᠭᠠᠯᠠᠭᠰᠠᠨ ᠬᠤᠨᠢᠳ ᠢᠶᠠᠨ ᠨᠢᠬᠡ | ᠨᠢᠬᠡ ᠪᠠᠷ ᠨᠢ ᠪᠠᠷᠢᠵᠤ ᠤᠴᠢᠭᠯᠠᠳᠠᠭ᠃ ᠮᠠᠨ ᠤ ᠬᠤᠨᠢᠳ ᠰᠦ ᠲᠠᠢ ᠲᠦᠯᠯᠡᠨ᠎ᠡ᠃ ︽ᠰᠦ ᠪᠠᠨ ᠪᠠᠷᠠᠬᠤ ᠦᠭᠡᠢ | ᠴᠠᠳᠬᠤᠯᠳᠠᠭᠠᠳ ᠤᠭᠤᠷᠠᠭ ᠨᠢ ᠵᠠᠩᠬᠢᠷᠠᠵᠤ ᠪᠠᠭᠠᠰᠤ ᠰᠢᠬᠡᠰᠦ ᠠᠯᠳᠠᠬᠤ ᠪᠤᠢ᠃ ᠲᠡᠯᠡᠩ ᠨᠢ ᠴᠢᠨᠦᠵᠦ ᠰᠦ ᠨᠢ | ᠲᠠᠳᠠᠷᠠᠬᠤ ᠪᠤᠢ ᠁︾ ᠭᠡᠳ ᠬᠤᠨᠢ ᠬᠤᠷᠠᠭᠠᠯᠠᠵᠤ ᠡᠬᠢᠯᠡᠩᠬᠦᠳᠡ ᠬᠤᠨᠢ ᠤᠴᠢᠭᠯᠠᠬᠤ ᠠᠵᠢᠯ ᠢᠳᠡ ᠬᠦᠭ ᠲᠠᠢ | ᠦᠷᠨᠢᠨᠡ᠃ ᠠᠪᠤ ᠡᠵᠢ ᠪᠢᠳᠠ ᠭᠤᠷᠪᠠᠭᠤᠯᠠ ᠬᠤᠨᠢ ᠤᠴᠢᠭᠯᠠᠵᠤ ︵ᠰᠠᠭᠠᠵᠤ︶᠂ ᠬᠦᠦᠴᠦᠦᠯ ᠬᠤᠨᠢᠳ ᠢ | ᠰᠢᠬᠢᠷᠡᠳᠡᠨ ᠪᠠᠷᠢᠵᠤ᠂ ᠬᠦᠵᠦᠬᠦᠦ ᠪᠠᠷ ᠨᠢ ᠰᠤᠭᠤᠪᠴᠢᠯᠠᠨ ᠬᠦᠳᠡᠯᠬᠡᠬᠦ ᠦᠭᠡᠢ ᠵᠤᠭᠰᠤᠭᠠᠵᠤ ᠤᠴᠢᠭᠯᠠᠭᠤᠯᠤᠨᠠ᠃ | ᠬᠦᠬᠦ ᠲᠡᠯᠡᠩ ᠳᠡᠭᠡᠨ ᠭᠠᠷ ᠬᠦᠷᠭᠡᠬᠦᠯᠵᠦ ᠦᠵᠡᠭᠡ ᠦᠭᠡᠢ ᠨᠡᠮᠡᠷᠢ ᠶᠢᠨ ᠵᠤᠰᠠᠭ ᠤᠳ ᠲᠡᠪᠬᠡᠷᠦᠨ ᠰᠠᠭᠤᠯᠠᠭ᠎ᠠ ᠲᠠᠢ | ᠰᠦ ᠴᠠᠯᠬᠢᠭᠤᠯᠤᠨᠠ᠃ ︽ᠰᠠᠭᠤᠯᠠᠭ᠎ᠠ ᠪᠠᠨ ᠬᠤᠶᠠᠷ ᠡᠪᠦᠳᠦᠭ ᠢᠶᠠᠷ ᠢᠶᠠᠨ ᠰᠠᠶᠢᠨ ᠬᠠᠪᠴᠢᠪᠠᠯ ᠶᠠᠭᠠᠬᠢᠳᠠᠭ ᠶᠤᠮ︖ | ᠰᠠᠭᠠᠯᠢ ᠰᠦ ᠠᠰᠬᠠᠪᠠᠯ ᠮᠠᠯ ᠤᠨ ᠪᠤᠶᠠᠨ ᠬᠠᠷᠢᠴᠢᠬᠠᠨ᠎ᠠ︕︾ ᠭᠡᠵᠤ ᠠᠪᠤ ᠡᠵᠢ ᠵᠢᠮᠡᠯᠡᠨ᠎ᠡ᠃ ᠬᠦᠦᠴᠦᠦᠯ | ᠲᠤᠭᠰᠢᠨ ᠬᠤᠨᠢᠳ ᠢ ᠨᠤᠮᠤᠬᠠᠨ ᠵᠤᠭᠰᠤᠭᠠᠬᠤ ᠭᠡᠵᠤ ᠬᠦᠯ ᠭᠠᠷ ᠢᠶᠠᠨ ᠬᠢᠰᠭᠢᠬᠦᠯᠦᠨ ᠨᠢᠰᠦ ᠬᠦᠯᠦᠰᠦ ᠪᠠᠨ | ᠭᠤᠭᠤᠵᠢᠭᠤᠯᠵᠤ᠂ ᠪᠤᠳᠤᠯᠢᠬᠤ ᠶᠢᠨ ᠶᠡᠭᠡ ᠪᠠᠷ ᠪᠤᠳᠤᠯᠢᠭᠰᠠᠨ ᠴᠦ ᠮᠠᠯ ᠬᠤᠢ ᠲᠠᠢ ᠨᠤᠴᠤᠯᠳᠤᠵᠤ ᠪᠢᠷ᠎ᠠ ᠲᠡᠩᠬᠡᠬᠡ | ᠤᠷᠤᠨ ᠪᠡᠶ᠎ᠡ ᠬᠠᠷ᠎ᠠ ᠨᠢ ᠦᠰᠦᠨ᠎ᠡ᠃ ᠮᠠᠨ ᠤ ᠲᠤᠮᠤᠴᠤᠤᠯ ︽ᠬᠡᠳᠡᠰᠦ ᠴᠠᠳᠬᠤᠯᠠᠩ ᠪᠤᠯ ᠬᠡᠦᠬᠡᠳ ᠶᠠᠮᠠᠷ | ᠶᠠᠳᠠᠷᠠᠨ᠎ᠠ ᠭᠡᠵᠤ ᠪᠠᠶᠢᠬᠤ ᠪᠢᠰᠢ᠃ ᠶᠤᠰᠤᠳᠠᠢ ᠨᠡᠷ᠎ᠡ ᠦᠭᠡᠢ ᠬᠦᠳᠡᠯᠮᠦᠷᠢᠴᠢᠳ︕︾ ᠭᠡᠵᠤ ᠱᠤᠪᠤᠭᠤᠷᠳᠠᠬᠤ | ᠲᠤᠷᠠᠳᠠᠢ᠃ ᠰᠦ ᠲᠠᠢ ᠴᠠᠢ ᠤᠤᠭᠤᠵᠤ᠂ ᠴᠢᠨᠠᠭᠰᠠᠨ ᠤᠭᠤᠷᠠᠭ ᠢᠳᠡᠨ᠂ ᠱᠤᠪᠤᠭᠤᠷ ᠮᠠᠯᠠᠭᠠᠢ ᠪᠠᠷ ᠭᠤᠶᠤᠯᠠᠭᠰᠠᠨ | ᠮᠠᠨ ᠤ ᠠᠬ᠎ᠠ ᠲᠡᠬᠦᠦ ᠬᠡᠳᠦ ᠶᠢᠨ ᠬᠦᠯ ᠡᠨᠡᠬᠡᠨ ᠦᠬᠡᠨ ᠳᠤ ᠯᠡ ᠬᠦᠩᠬᠡᠷᠡᠭᠡᠳ ᠢᠷᠡᠨ᠎ᠡ ᠳ᠋ᠠ᠃ | ᠬᠦᠳᠡᠭᠡ ᠬᠤᠨᠢ ᠬᠤᠷᠠᠭᠠᠯᠠᠵᠤ ᠬᠤᠷᠠᠭ᠎ᠠ ᠡᠬᠦᠷᠬᠦ ᠬᠡᠴᠡᠬᠦᠦ ᠠᠵᠢᠯ ᠪᠠᠰᠠ ᠪᠤᠢ᠃ ᠮᠠᠨ ᠤ ᠪᠠᠷᠢᠭᠠᠳᠠ ᠬᠤᠴᠠ | ᠤᠬᠤᠨ᠎ᠠ ᠶᠢᠨ ᠲᠤᠰᠬᠠᠢ ᠰᠦᠷᠦᠭ ᠲᠠᠢ᠃ ᠬᠠᠭᠤᠴᠢᠨ ᠤ ᠨᠠᠢᠮᠠᠨ ᠰᠠᠷ᠎ᠠ ᠭᠠᠷᠤᠩᠭᠤᠳᠠ ᠠᠶᠢᠯ ᠤᠳ ᠬᠤᠴᠠ ᠪᠠᠨ | ᠬᠤᠳᠠᠨ ᠳᠠᠭᠠᠨ ᠠᠪᠴᠢᠷᠠᠵᠤ ᠰᠦᠷᠦᠭ ᠲᠡᠭᠡᠨ ᠲᠠᠯᠪᠢᠨ᠎ᠠ᠃ ᠮᠠᠨ ᠤ ᠬᠢ ᠤᠯᠠᠨ ᠬᠤᠨᠢ ᠲᠠᠢ᠃ ᠲᠦᠷᠪᠡ᠂ ᠲᠠᠪᠤᠨ | ᠬᠤᠴᠠ ᠶᠢ ᠵᠡᠷᠭᠡ ᠳᠤᠨᠢ ᠲᠠᠯᠪᠢᠵᠤ᠂ ᠪᠦᠬᠡᠮ ᠢᠶᠠᠷ ᠲᠦᠯᠯᠡᠬᠦᠯᠳᠡᠭ᠃ ᠬᠦᠳᠡᠭᠡ ᠬᠤᠨᠢ ᠤᠯᠠᠨ ᠬᠤᠷᠠᠭᠠᠯᠠᠨ᠎ᠠ᠃ | ᠪᠡᠯᠴᠢᠬᠡᠷ ᠲᠤ ᠭᠠᠷᠬᠤ ᠵᠠᠮ ᠳᠤ ᠬᠤᠷᠠᠭᠠᠯᠠᠭᠰᠠᠨ ᠢ ᠨᠢ ᠨᠦᠮᠦᠷᠢ ᠭᠠᠵᠠᠷ ᠬᠤᠷᠠᠭ᠎ᠠ ᠲᠠᠢ ᠨᠢ ᠤᠷᠬᠢᠨ᠂ | ᠪᠤᠴᠠᠯᠭᠠᠨ ᠳᠠᠭᠠᠨ ᠲᠠᠭᠠᠷᠢᠵᠤ᠂ ᠬᠤᠷᠠᠭ᠎ᠠ ᠶᠢ ᠨᠢ ᠲᠠᠭᠠᠭᠤᠯᠤᠨ ᠭᠠᠳᠠᠨ᠎ᠠ ᠪᠠᠨ ᠲᠠᠭᠤᠵᠦ ᠠᠪᠴᠢᠷᠠᠳᠠᠭ᠃ ᠲᠡᠷᠡ | ᠦᠶ᠎ᠡ ᠶᠢᠨ ᠮᠠᠯ ᠤᠷᠤᠭ᠎ᠠ ᠲᠤᠭᠰᠢᠨ᠂ ᠴᠤᠪᠤᠭᠤ ᠭᠡᠳᠡᠭ ᠨᠢ ᠭᠡᠷᠡᠭ᠃ ᠬᠤᠷᠠᠭ᠎ᠠ ᠨᠢ ᠬᠡᠵᠢᠶᠡᠨᠡᠢ ᠦᠭᠡᠢ | ᠠᠮᠠᠳᠠᠴᠢᠬᠠᠭᠰᠠᠨ ᠲᠡᠷᠡ ᠬᠤᠯᠠ ᠠᠴᠠ ᠡᠬᠡ ᠪᠠᠨ ᠲᠠᠭᠠᠭᠠᠳ ᠠᠵᠢᠭ ᠴᠦ ᠦᠭᠡᠢ ᠭᠠᠳᠠᠨ᠎ᠠ ᠢᠷᠡᠴᠢᠬᠡᠳᠡᠭ᠃ | ᠮᠠᠯ ᠪᠡᠯᠴᠢᠬᠡᠷ ᠠᠴᠠ ᠡᠷᠬᠢᠴᠢᠭᠡᠭᠰᠡᠨ ᠦᠶ᠎ᠡ ᠳᠤ ᠬᠤᠨᠢ ᠬᠤᠷᠠᠭᠠᠯᠠᠪᠠᠯ ᠬᠤᠷᠠᠭ᠎ᠠ ᠡᠬᠦᠷᠬᠦ ᠭᠡᠴᠡᠬᠦᠦ ᠠᠵᠢᠯ | ᠤᠨᠤᠭᠳᠠᠨ᠎ᠠ᠃ ᠬᠤᠷᠠᠭ᠎ᠠ ᠶᠡᠭᠡ ᠬᠦᠨᠳᠦ᠃ ᠭᠤᠷᠪᠠ ᠠᠴᠠ ᠬᠡᠳᠦᠷᠡᠪᠡᠯ ᠡᠬᠦᠷᠴᠦ ᠲᠠᠭᠠᠭᠠᠭᠳᠠᠬᠤ ᠪᠠᠨ ᠪᠤᠯᠢᠨ᠎ᠠ᠃ | ᠲᠤᠯᠠᠭᠠᠨ ᠡᠳᠦᠷ ᠲᠠᠭᠠᠷᠠᠪᠠᠯ ᠶᠠᠭᠠᠬᠢᠬᠤ ᠪᠤᠢ᠃ ᠬᠤᠷᠠᠭ᠎ᠠ ᠨᠢ ᠲᠦᠩᠬᠡᠵᠦ ᠬᠦᠯ ᠲᠡᠭᠡᠷ᠎ᠡ ᠪᠠᠨ ᠪᠤᠰᠤᠩᠭᠤᠳᠠ | ᠠᠮᠠᠳᠠᠭᠤᠯᠤᠨᠠ᠃ ᠡᠬᠡ ᠶᠢᠨ ᠢᠶᠠᠨ ᠬᠠᠯᠠᠭᠤᠨ ᠰᠦ ᠪᠠᠷ ᠠᠮᠠᠳᠠᠭᠰᠠᠨ ᠬᠤᠷᠠᠭ᠎ᠠ ᠪᠠᠷᠤᠭᠳᠠᠢ ᠳᠤ ᠪᠡᠭᠡᠷᠡᠬᠦ ᠦᠭᠡᠢ᠃ | ᠦᠰᠦ ᠨᠢ ᠪᠤᠷᠴᠠᠭᠯᠠᠭᠰᠠᠨ ᠴᠦ ᠡᠬᠡ ᠶᠢᠨ ᠢᠶᠠᠨ ᠬᠤᠷᠠᠭᠠᠰᠢᠬᠤ ᠲᠠᠭᠤᠨ ᠢᠶᠠᠷ ᠬᠦᠴᠦ ᠠᠪᠴᠤ᠂ ᠪᠤᠳᠠ ᠪᠤᠳᠠᠷᠭᠠᠨ᠎ᠠ | ᠲᠡᠭᠡᠬᠦᠷ ᠲᠤᠬᠤᠨ ᠤᠨᠠᠵᠤ ᠲᠤᠰᠴᠤ ᠪᠠᠶᠢᠭᠰᠠᠨ ᠴᠦ ᠰᠠᠯᠳᠤᠷᠬᠢᠯᠠᠨ ᠪᠤᠰᠤᠭᠠᠳ ᠡᠵᠢ ᠶᠢᠨ ᠢᠶᠠᠨ ᠪᠤᠷᠪᠢᠨ ᠳᠤ | ᠵᠡᠬᠦᠭᠳᠡᠨ ᠠᠵᠢᠭ ᠦᠭᠡᠢ ᠬᠤᠳᠠᠨ ᠳᠠᠭᠠᠨ ᠢᠷᠡᠴᠢᠬᠡᠳᠡᠭ᠃ ᠬᠠᠷᠢᠨ ᠬᠦᠢᠳᠡᠨ ᠡᠳᠦᠷ ᠲᠠᠭᠠᠷᠠᠪᠠᠯ ᠬᠤᠷᠠᠭ᠎ᠠ ᠡᠬᠦᠷᠬᠦ | ᠬᠡᠴᠡᠬᠦᠦ ᠠᠵᠢᠯ ᠬᠠᠶᠢᠷ᠎ᠠ ᠨᠠᠶᠢᠷ ᠦᠭᠡᠢ ᠪᠠᠭᠤᠨ᠎ᠠ ᠳ᠋ᠠ᠃ ᠠᠮᠢᠳᠤ ᠠᠮᠢᠳᠠᠨ ᠠᠷᠪᠠᠨ ᠠᠷᠭ᠎ᠠ ᠲᠠᠢ ᠭᠡᠭᠴᠢ ᠪᠠᠷ ᠨᠠᠳᠠ | ᠪᠠᠰᠠ ᠠᠷᠭ᠎ᠠ ᠪᠤᠢ᠃ ᠬᠤᠶᠠᠷ ᠭᠤᠷᠪᠠ ᠪᠠᠷ ᠨᠢ ᠨᠢᠬᠡ ᠲᠤᠭᠤᠶᠢᠯᠠᠩ ᠪᠤᠯᠭᠠᠨ ᠬᠤᠶᠠᠷ ᠬᠤᠪᠢᠶᠠᠵᠤ ᠤᠭᠤᠳᠠᠯᠠᠭᠠᠳ | ᠬᠤᠷᠠᠭ᠎ᠠ ᠪᠡᠭᠡᠷᠡᠴᠢᠬᠡᠬᠦ ᠪᠠᠷ ᠦᠭᠡᠢ ᠤᠶᠢᠷᠠᠬᠠᠨ ᠵᠠᠢ ᠳᠤ ᠨᠢᠬᠡ ᠲᠤᠭᠤᠶᠢᠯᠠᠩ ᠢ ᠨᠦᠬᠦᠭᠡ ᠲᠤᠭᠤᠶᠢᠯᠠᠩ ᠢᠶᠠᠷ ᠨᠢ | ᠲᠠᠪᠠᠭᠤᠯᠤᠨ ᠴᠤᠪᠤᠷᠠᠭᠤᠯᠵᠤ ᠵᠦᠬᠡᠬᠡᠨᠡ᠃ ᠲᠠᠰᠢᠷᠠᠮ ᠳᠤᠨᠢ ᠬᠠᠷᠢᠭᠤᠯᠤᠭᠰᠠᠨ ᠮᠠᠯ ᠢᠶᠠᠨ ᠴᠤᠭᠯᠠᠭᠤᠯᠬᠤ᠂ | ᠬᠤᠷᠠᠭᠠᠨ ᠳᠠᠭᠠᠨ ᠰᠦᠵᠢᠷᠡᠭᠰᠡᠨ ᠬᠤᠨᠢᠳ ᠤᠨ ᠲᠦᠷᠦᠬᠦᠦ ᠶᠢ ᠲᠠᠷᠤᠵᠤ ᠲᠤᠭᠳᠠᠭᠠᠬᠤ ᠠᠵᠢᠯ ᠢ ᠪᠠᠰᠠ | ᠠᠮᠵᠢᠭᠤᠯᠬᠤ ᠬᠡᠷᠡᠭᠳᠡᠢ᠃ ᠡᠨᠡ ᠬᠤᠭᠤᠷᠤᠨᠳᠤ ᠤᠭᠤᠳᠠ ᠲᠠᠢ ᠬᠤᠷᠠᠭ᠎ᠠ ᠨᠤᠭᠤᠳ ᠴᠦ ᠲᠤᠯᠠᠭᠠᠴᠠᠵᠤ ᠵᠠᠪᠳᠤᠳᠠᠭ᠃ | ᠤᠭᠤᠳᠠ ᠲᠠᠢ ᠬᠤᠷᠠᠭ᠎ᠠ᠂ ᠬᠠᠷᠢᠭᠤᠯᠤᠭᠰᠠᠨ ᠮᠠᠯ ᠤᠨ ᠲᠤᠮᠳᠠ ᠬᠦᠶᠦᠨ ᠱᠤᠭᠰᠢᠶ᠎ᠠ ᠪᠠᠷ ᠲᠠᠪᠠᠷᠠᠭᠠᠭᠰᠠᠨ ᠮᠢᠨᠦ | ᠬᠦᠯᠦᠰᠦ ᠡᠬᠡᠪᠦᠷ ᠭᠠᠵᠠᠷ ᠤᠨ ᠬᠠᠶᠢᠯ ᠤᠨ ᠤᠰᠤ ᠰᠢᠭ ᠤᠷᠤᠰᠳᠠᠭ ᠪᠠᠶᠢᠯ᠎ᠠ ᠭᠡᠵᠤ ᠲᠡᠬᠡᠬᠦᠯᠬᠦ ︵ᠬᠡᠳᠦᠷᠡᠬᠦᠯᠬᠦ︶ | ᠳᠤ ᠪᠤᠯᠬᠤ ᠪᠢᠵᠡ⁈ | ᠡᠵᠢ ᠬᠦᠯᠦᠰᠦ ᠲᠠᠭᠠᠭᠠᠪᠦᠷᠢᠯᠠᠨ ᠠᠭᠤᠷ ᠪᠠᠭᠠᠬᠢᠭᠰᠠᠨ ᠲᠤᠬᠤ ᠶᠢ ᠮᠢᠨᠢ ᠦᠨᠦᠰᠦᠭᠡᠳ᠄ ︽ᠮᠢᠨᠦ ᠬᠡᠦᠬᠡᠨ | ᠬᠦᠳᠡᠯᠮᠦᠷᠢᠴᠢ ᠪᠦᠭᠡᠳ ᠮᠠᠯᠴᠢ᠂ ᠪᠡᠶ᠎ᠡ ᠪᠠᠨ ᠲᠡᠵᠢᠬᠡᠬᠦ ᠠᠷᠭᠠᠴᠠᠯ ᠲᠠᠢ ᠬᠦᠮᠦᠨ ᠪᠤᠯᠬᠤ ᠨᠢ᠃ ᠮᠠᠯ ᠳᠤ ᠬᠠᠶᠢᠷᠠᠳᠠᠢ᠂ | ᠬᠦᠳᠡᠯᠮᠦᠷᠢ ᠳᠤ ᠲᠤᠷᠠᠳᠠᠢ ᠬᠦᠮᠦᠨ ᠪᠠᠶᠠᠨ ᠴᠠᠳᠬᠤᠯᠠᠩ ᠠᠮᠢᠳᠤᠷᠠᠬᠤ ᠦᠭᠡᠢ ᠶᠠᠭᠠᠬᠢᠬᠤ ᠪᠤᠢ︕︾ ᠭᠡᠵᠤ | ᠤᠷᠮ᠎ᠠ ᠶᠢᠨ ᠦᠬᠡ ᠪᠠᠷ ᠱᠠᠩᠨᠠᠨ᠂ ᠬᠦᠳᠡᠯᠮᠦᠷᠢ ᠶᠢᠨ ᠤᠷᠢᠶ᠎ᠠ ᠪᠠᠷ ᠲᠠᠶᠢᠴᠢᠯᠠᠨ᠎ᠠ᠃ | ᠬᠦᠳᠡᠯᠮᠦᠷᠢ ᠶᠢᠨ ᠤᠷᠢᠶ᠎ᠠ ᠲᠠᠢ᠂ ᠲᠦᠯ ᠤᠨ ᠱᠠᠬᠢᠶᠠᠨ ᠲᠠᠢ ᠬᠠᠪᠤᠷ ᠡ ᠭᠡᠵᠤ ᠠᠮᠢᠳᠤᠷᠠᠯ ᠤᠨ ᠴᠢᠪᠬᠠᠳᠠᠰᠤ ᠲᠠᠢ | ᠮᠦᠩᠬᠡ ᠶᠢᠨ ᠲᠤᠷᠠᠰᠤᠮᠵᠢ ᠪᠤᠶᠤ︕ | |