ᠨᠤᠮ ᠤᠨ ᠠᠮᠲᠡ ᠶᠢ ᠰᠡᠮᠭᠡᠨ ᠮᠡᠲᠡᠷᠡᠬᠦᠢ
ᠨᠡᠶᠢᠲᠡᠯᠡᠭᠰᠡᠨ ᠴᠠᠭ᠄
2024/4/25
  ᠰᠠᠶᠢᠨ ᠨᠤᠮ ᠭᠡᠲᠡᠭ ᠪᠤᠯ ᠬᠦᠮᠦᠨ ᠲᠦᠷᠦᠯᠬᠢᠲᠡᠨ ᠤ ᠤᠶᠤᠨ ᠤᠬᠠᠭᠠᠨ ᠤ ᠤᠬᠢ ᠲᠡᠯᠡᠰᠳᠤ ᠶᠤᠮ᠃ ᠤᠨ ᠵᠢᠯ ᠤᠨ ᠤᠷᠳᠤ ᠠᠶᠠᠨ ᠳᠤ ᠰᠢᠯᠢᠭᠲᠡᠵᠤ ᠰᠤᠩᠭᠤᠭᠲᠠᠭᠰᠠᠭᠠᠷ ᠦᠩᠭᠡ ᠬᠢᠯᠠᠯᠵᠠᠭᠰᠠᠨ ᠰᠤᠪᠤᠳ ᠮᠡᠳᠤ ᠰᠠᠶᠢᠨ ᠨᠤᠮ ᠨᠢ ᠬᠦᠮᠦᠰ ᠤᠨ ᠰᠡᠳᠭᠢᠯ ᠳᠤ ᠲᠤᠭᠤᠭᠲᠠᠨ ᠦᠯᠡᠲᠡᠵᠤ᠂ ᠰᠤᠩᠭᠤᠲᠠᠭ ᠨᠤᠮ ᠤᠨ ᠵᠢᠭᠰᠠᠭᠠᠯᠲᠡ ᠳᠤ ᠪᠠᠭᠲᠠᠭᠲᠠᠨ ᠤᠷᠤᠵᠤ᠂ ᠨᠤᠮ ᠤᠨ ᠪᠠᠭᠠᠳᠠᠳ ᠤᠨ ᠪᠢᠴᠢᠭ ᠤᠨ ᠰᠢᠷᠡᠭᠡᠨ᠎ᠡ ᠲᠡᠯᠭᠡᠭᠲᠡᠵᠤ ᠪᠠᠶᠢᠲᠠᠭ᠃ ᠰᠠᠶᠢᠨ ᠨᠤᠮ ᠰᠤᠳᠤᠨ ᠰᠤᠳᠤᠷ ᠨᠢ ᠬᠦᠮᠦᠨ ᠲᠦᠷᠦᠯᠬᠢᠲᠡᠨ ᠤ ᠤᠶᠤᠨ ᠤᠬᠠᠭᠠᠨ ᠤ ᠰᠢᠮ᠎ᠡ ᠠᠮᠲᠡ᠂ ᠤᠭᠤᠷᠠᠭ ᠲᠠᠷᠢᠬᠢᠨ ᠤ ᠬᠢᠨᠢ ᠰᠢᠲᠢᠳᠤ ᠡᠷᠴᠢ᠂ ᠤᠬᠠᠭᠠᠨ ᠮᠡᠲᠡᠷᠡᠯ ᠤᠨ ᠬᠢᠨᠢ ᠵᠦᠭ ᠴᠢᠭᠯᠡᠬᠦᠷ ᠪᠤᠯᠵᠤ᠂ ᠤᠷᠤᠰᠢᠨ ᠠᠮᠢᠳᠤᠷᠠᠬᠤ᠂ ᠦᠰᠴᠤ ᠦᠨᠲᠡᠶᠢᠬᠦ᠂ ᠦᠭᠡᠲᠡᠯᠡᠨ ᠪᠠᠲᠠᠷᠠᠬᠤ᠂ ᠦᠪᠯᠡᠨ ᠦᠯᠡᠲᠡᠭᠡᠬᠦ ᠵᠡᠷᠭᠡ ᠠᠮᠢᠳᠤᠷᠠᠯ ᠤᠨ ᠤᠷᠳᠤ ᠠᠶᠠᠨ ᠵᠠᠮ ᠤᠨ ᠬᠢᠨᠢ ᠬᠦᠰᠡᠯ ᠵᠦᠭ ᠲᠤ ᠲᠡᠪᠬᠢᠨ ᠬᠦᠷᠬᠦ ᠬᠦᠴᠦᠳᠤ ᠬᠦᠯᠦᠭ᠂ ᠮᠦᠷᠦᠭᠡᠳᠤᠯ ᠵᠦᠭ ᠨᠢ ᠮᠡᠳᠭᠡᠨ ᠤᠶᠢᠷᠠᠳᠤᠭᠤᠯᠬᠤ ᠮᠦᠩᠬᠦᠨ ᠵᠠᠪᠢ ᠪᠤᠯᠵᠤ ᠪᠠᠶᠢᠲᠠᠭ ᠰᠡᠨ᠃ ᠦᠶ᠎ᠡ ᠶᠢᠨ ᠦᠶ᠎ᠡ ᠳᠤ᠂ ᠴᠠᠭ ᠤᠨ ᠤᠷᠳᠤ ᠳᠤ ᠨᠤᠮ ᠲᠠᠢ ᠬᠦᠮᠦᠨ ᠢ ᠲᠡᠭᠡᠳᠤᠯᠠᠨ ︽ᠪᠠᠭᠰᠢ︾ ᠲᠠᠭᠤᠲᠠᠨ ᠡᠷᠬᠦᠵᠤ᠂ ᠪᠢᠴᠢᠭ ᠲᠠᠢ ᠬᠦᠮᠦᠨ ᠢ ᠪᠢᠰᠢᠷᠠᠨ᠂ ᠡᠷᠬᠢᠮᠨᠠᠨ ᠬᠦᠨᠳᠤᠯᠠᠵᠤ᠂ ᠰᠤᠷᠭᠠᠯ ᠢ ᠨᠢ ᠵᠠᠯᠪᠠᠷᠢᠵᠤ ᠬᠦᠷᠲᠡᠨ᠂ ᠨᠤᠮᠯᠠᠬᠤ ᠶᠢ ᠨᠢ ᠬᠢᠴᠢᠶᠡᠨ ᠰᠤᠨᠤᠰᠴᠤ᠂ ᠪᠠᠶ᠎ᠠ ᠪᠠᠨ ᠵᠠᠰᠠᠨ᠂ ᠰᠡᠳᠭᠢᠯ ᠢᠶᠠᠨ ᠲᠡᠭᠰᠢᠯᠡᠨ᠂ ᠵᠠᠶᠠᠭ᠎ᠠ ᠪᠠᠨ ᠡᠷᠬᠦᠵᠤ ᠶᠠᠪᠤᠲᠠᠭ ᠰᠡᠨ᠃   ᠰᠠᠶᠢᠨ ᠨᠤᠮ ᠭᠡᠲᠡᠭ ᠪᠤᠯ ᠲᠤᠭᠤᠯᠤᠭᠠᠳ ᠦᠩᠭᠡᠷᠡᠬᠦ ᠲᠡᠤᠭᠡ ᠶᠢᠨ ᠲᠤᠭᠠᠴᠢᠭᠠᠳ ᠲᠠᠭᠤᠰᠤᠰᠢ ᠦᠭᠡᠢ ᠰᠢᠪᠡᠨᠡᠭᠡ ᠰᠠᠨ᠃ ᠭᠠᠳᠤᠯᠤᠭᠠᠳ ᠭᠠᠷᠬᠤ ᠭᠠᠯᠪᠠ ᠶᠢᠨ ᠭᠠᠩᠲᠠᠰᠢ ᠦᠭᠡᠢ ᠦᠩᠭᠡ ᠨᠢ ᠰᠡᠨ᠃ ᠪᠢᠯᠢᠭᠳᠦ ᠮᠡᠷᠭᠡᠨ ᠶᠡᠭᠡᠰ ᠤᠨ ᠪᠢᠯᠢᠬᠦᠨ ᠤᠶᠤᠨ ᠤ ᠬᠢᠨᠢ ᠲᠦᠰᠦᠷᠭᠡ ᠰᠡᠨ᠂ ᠪᠡᠭᠡᠨ ᠬᠠᠷ᠎ᠠ ᠦᠰᠦᠭ ᠤᠳ ᠨᠢ ᠪᠠᠳᠮᠠᠯᠠᠵᠤ ᠤᠴᠢᠯᠠᠭᠰᠠᠨ ᠲᠦᠯᠦ ᠰᠡᠨ᠃ ᠤᠷᠤᠰᠤᠭᠠᠳ ᠦᠩᠭᠡᠷᠡᠬᠦ ᠴᠠᠭ ᠤᠨ ᠤᠷᠬᠢᠯᠤᠭᠰᠠᠨ ᠪᠤᠯᠠᠭ ᠶᠤᠮᠰᠡᠨ᠃ ᠤᠷᠠᠯᠠᠭᠠᠳ ᠬᠡᠯᠡᠬᠦ ᠴᠡᠴᠡᠨ ᠦᠭᠡᠰ ᠤᠨ ᠤᠨ ᠢ ᠬᠡᠳᠦᠯᠦᠭᠰᠡᠨ ᠬᠢᠯᠪᠠᠭ᠎ᠠ ᠨᠢ ᠶᠤᠮᠰᠠᠨ᠃ ᠲᠤᠯᠭᠠᠷᠠᠵᠤ ᠮᠡᠲᠡᠬᠦ ᠬᠠᠲᠠᠭᠤ ᠠᠴᠠ ᠵᠠᠶᠢᠯᠠᠭᠤᠯᠵᠤ ᠦᠭᠬᠦ ᠤᠬᠠᠭ᠎ᠠ ᠶᠤᠮᠰᠠᠨ᠂ ᠲᠤᠯᠵᠤ ᠢᠷᠡᠭᠰᠡᠨ ᠬᠦᠲᠡᠬᠦᠤ ᠠᠴᠠ ᠠᠰᠠᠷᠠᠵᠤ ᠠᠪᠬᠤ ᠡᠷᠲᠡᠮ ᠶᠤᠮᠰᠠᠨ᠃ ᠢᠷᠡᠬᠦ ᠴᠠᠭ ᠢ ᠤᠭᠳᠤᠵᠤ ᠦᠨᠲᠡᠶᠢᠬᠦ ᠶᠡᠭᠡ ᠡᠷᠴᠢ ᠶᠢᠨ ᠢᠪᠢᠯᠤᠯ ᠶᠤᠮᠰᠠᠨ᠃ ᠡᠰᠡᠨᠢᠬᠦ ᠤᠯᠠᠷᠢᠯ ᠢ ᠬᠡᠶᠢᠬᠦᠯᠵᠤ ᠬᠡᠷᠡᠯᠳᠤᠬᠦ ᠢᠲᠡ ᠢᠲᠡᠭᠡᠯ ᠤᠨ ᠤᠨᠳᠤᠷᠤᠭ᠎ᠠ ᠶᠤᠮᠰᠠᠨ᠃ ᠨᠤᠮ ᠭᠡᠲᠡᠭ ᠪᠤᠯ ᠬᠠᠷᠠᠩᠭᠤᠢ ᠠᠴᠠ ᠭᠡᠭᠡᠨ ᠵᠦᠭ ᠬᠦᠲᠦᠯᠦᠭᠰᠡᠨ ᠵᠠᠮᠴᠢ ᠶᠤᠮ᠃ ᠬᠦᠢᠲᠡᠨ ᠠᠴᠠ ᠬᠠᠯᠠᠭᠤᠨ ᠵᠦᠭ ᠲᠠᠭᠤᠲᠠᠭᠰᠠᠨ ᠤᠷᠠᠢ ᠶᠤᠮ᠃ ᠨᠤᠮ ᠭᠡᠲᠡᠭ ᠪᠤᠯ ᠦᠶ᠎ᠡ ᠲᠠᠮᠵᠢᠨ ᠤᠯᠠᠮᠵᠢᠯᠠᠬᠤ ᠦᠨᠡᠳᠤ ᠡᠷᠲᠡᠨᠢ ᠶᠤᠮ᠃ ᠨᠤᠮ ᠭᠡᠲᠡᠭ ᠪᠤᠯ ᠦᠰᠦᠭ ᠠᠯᠭᠠᠰᠠᠯ ᠦᠭᠡᠢ ᠴᠡᠭᠡᠵᠢᠯᠡᠬᠦ ᠬᠤᠪᠤᠷ ᠡᠳ᠋ ᠶᠤᠮ᠃   ᠨᠤᠮ ᠪᠢᠴᠢᠭ ᠭᠡᠲᠡᠭ ᠪᠤᠯ ᠲᠠᠪᠲᠠᠷᠯᠠᠵᠤ ᠪᠦᠲᠦᠭᠡᠭᠰᠡᠨ ᠡᠷᠲᠡᠨᠢᠳᠤ ᠦᠰᠦᠭ ᠲᠠᠢ ᠬᠤᠷᠠᠮᠠᠯ ᠶᠤᠮ᠃ ᠵᠢᠷᠤᠭ ᠲᠦᠷᠰᠤ ᠪᠠ ᠦᠰᠦᠭ ᠪᠢᠴᠢᠭ ᠲᠠᠢ ᠠᠯᠲᠡᠨ ᠬᠠᠭᠤᠲᠠᠰᠤ ᠶᠢᠨ ᠨᠠᠶᠢᠯᠠᠮᠠᠯ ᠶᠤᠮ᠃ ᠬᠠᠭᠤᠲᠠᠰᠤ ᠴᠠᠭᠠᠰᠤᠨ᠎ᠠ ᠪᠠᠷᠯᠠᠵᠤ ᠬᠡᠪᠯᠡᠭᠲᠡᠭᠰᠡᠨ ᠬᠤᠷᠸ᠎ᠠ ᠲᠡᠯᠡᠭᠡᠢ ᠶᠢᠨ ᠮᠡᠲᠡᠭᠡ ᠵᠠᠩᠬᠢ ᠶᠢ ᠲᠠᠮᠵᠢᠭᠤᠯᠬᠤ ᠪᠤᠯᠤᠮᠵᠢ ᠪᠦᠬᠦᠢ ᠬᠤᠲᠠᠯᠨ ᠳᠤ ᠠᠰᠢᠭᠲᠠᠢ ᠵᠠᠭᠤᠴᠢᠯᠠᠭᠤᠷ ᠢ ᠨᠤᠮ ᠪᠢᠴᠢᠭ ᠭᠡᠲᠡᠭ ᠶᠤᠮ᠃ ᠬᠠᠪᠤᠷ ᠲᠠᠷᠢᠵᠤ᠂ ᠵᠤᠨ ᠲᠡᠯᠭᠡᠷᠡᠵᠤ᠂ ᠨᠠᠮᠤᠷ ᠦᠷᠡᠯᠡᠨ᠂ ᠡᠪᠤᠯ ᠬᠤᠷᠢᠶᠠᠬᠤ ᠡᠯᠪᠡᠭ ᠬᠤᠷᠢᠶᠠᠯᠲᠡ ᠶᠢ ᠨᠤᠮ ᠭᠡᠲᠡᠭ ᠶᠤᠮ᠃ ᠬᠠᠯᠠᠭᠤᠨ ᠬᠦᠢᠲᠡᠨ ᠰᠡᠷᠢᠬᠦᠨ ᠲᠤᠯᠠᠭᠠᠨ ᠢ ᠲᠡᠮᠲᠡᠭᠯᠡᠵᠤ ᠴᠢᠲᠠᠲᠠᠭ ᠰᠢᠲᠢᠳᠤ ᠲᠡᠮᠲᠡᠭᠯᠡᠯ ᠢ ᠨᠤᠮ ᠭᠡᠲᠡᠭ ᠶᠤᠮ᠃ ᠴᠠᠭᠠᠰᠤᠨ ᠠᠴᠠ ᠪᠠᠨ ᠴᠠᠬᠢᠮ ᠳᠤ ᠬᠠᠲᠠᠭᠠᠯᠠᠭᠲᠠᠬᠤ ᠪᠤᠯᠤᠭᠰᠠᠨ ᠢ ᠰᠢᠨ᠎ᠡ ᠨᠤᠮ ᠭᠡᠲᠡᠭ ᠶᠤᠮ᠃ ᠬᠡᠶᠢᠰᠪᠤᠷᠢ ᠵᠠᠶᠢᠴᠠᠨ ᠳᠤ ᠬᠡᠮᠵᠢᠶᠠᠯᠠᠰᠢ ᠦᠭᠡᠢ ᠶᠡᠭᠡ ᠶᠢ ᠪᠠᠭᠲᠠᠭᠠᠵᠤ ᠪᠠᠶᠢᠲᠠᠭ ᠢ ᠰᠢᠨ᠎ᠡ ᠨᠤᠮ ᠭᠡᠲᠡᠭ᠃ ᠭᠱᠠᠨ ᠵᠠᠭᠤᠷ᠎ᠠ ᠠᠳᠬᠤᠨ ᠳᠤ ᠴᠢᠨᠢ ᠲᠡᠯᠭᠡᠭᠲᠡᠨ᠂ ᠬᠤᠷᠤᠭᠤ ᠶᠢᠨ ᠲᠤᠭᠰᠢᠯᠲᠡ ᠶᠢ ᠴᠢᠨᠢ ᠲᠠᠭᠠᠨ᠂ ᠬᠤᠷᠸ᠎ᠠ ᠶᠢᠨ ᠴᠢᠨᠡᠳᠤ ᠳᠤ ᠬᠦᠷᠭᠡᠵᠤ᠂ ᠲᠡᠪᠡᠷᠢ ᠪᠠᠭᠲᠠᠬᠤ ᠦᠭᠡᠢ ᠨᠤᠮ ᠤᠨ ᠠᠭᠤᠯᠭ᠎ᠠ ᠶᠢ ᠲᠤᠰᠤᠯ ᠵᠠᠢ ᠳᠤ ᠪᠠᠭᠯᠠᠵᠤ ᠲᠠᠯᠪᠢᠲᠠᠭ ᠢ ᠨᠢ ᠰᠢᠨ᠎ᠡ ᠴᠠᠭ ᠤᠨ ᠨᠤᠮ ᠭᠡᠲᠡᠭ ᠶᠤᠮ᠃ ᠢᠮᠠᠬᠤ ᠶᠢᠨ ᠵᠠᠢ ᠳᠤ ᠵᠢᠷᠲᠢᠨᠴᠤ ᠶᠢᠨ ᠨᠢᠭᠤᠴᠠ ᠶᠢ ᠪᠠᠭᠲᠠᠭᠠᠵᠤ ᠲᠡᠶᠢᠯᠲᠡᠭ ᠰᠢᠨ᠎ᠡ ᠴᠠᠭ ᠪᠤᠯ ᠬᠢᠯᠪᠠᠭᠠᠳᠤ ᠡᠷᠢᠨ ᠶᠤᠮ᠃ ᠬᠤᠷᠤᠭᠤ ᠢᠮᠡᠷᠬᠦ ᠬᠤᠷᠤᠮ ᠳᠤ ᠮᠡᠲᠡᠭᠡ ᠶᠢ ᠲᠠᠮᠵᠢᠭᠤᠯᠲᠠᠭ ᠭᠠᠶᠢᠬᠠᠮᠰᠢᠭᠳᠤ ᠴᠠᠭ ᠤᠨ ᠨᠤᠮ ᠤᠨ ᠴᠠᠭᠯᠠᠰᠢ ᠦᠭᠡᠢ ᠬᠤᠷᠳᠤ ᠶᠢ ᠪᠠᠭᠠᠳᠤᠨ ᠪᠢᠰᠢᠷᠡᠭᠡᠳ ᠪᠠᠷᠠᠰᠢ ᠦᠭᠡᠢ ᠡ᠃   ᠨᠤᠮ ᠪᠢᠴᠢᠭ ᠨᠢ ᠦᠯᠦ ᠮᠡᠷᠲᠡᠬᠤ ᠶᠢᠨ ᠲᠤᠯᠠᠲᠠ ᠪᠦᠲᠦᠭᠡᠭᠲᠡᠭᠰᠡᠨ ᠶᠤᠮ᠃ ᠨᠤᠮ ᠪᠢᠴᠢᠭ ᠨᠢ ᠡᠬᠦᠷᠢᠲᠡ ᠤᠯᠠᠮᠵᠢᠯᠠᠭᠲᠠᠬᠤ ᠶᠢᠨ ᠲᠦᠯᠦᠭᠡ ᠲᠤᠭᠤᠷᠪᠢᠭᠲᠠᠭᠰᠠᠨ ᠶᠤᠮ᠃ ᠨᠤᠮ ᠪᠢᠴᠢᠭ ᠨᠢ ᠴᠠᠭᠠᠰᠤᠨ᠎ᠠ ᠲᠡᠮᠲᠡᠭᠯᠡᠭᠲᠡᠭᠰᠡᠨ ᠦᠨᠡᠳᠤ ᠦᠪ ᠢᠶᠠᠨ ᠬᠦᠮᠦᠨ ᠲᠦᠷᠦᠯᠬᠢᠲᠡᠨ ᠤ ᠠᠯᠲᠡᠨ ᠴᠡᠭᠡᠵᠢᠨ᠎ᠡ ᠰᠢᠩᠭᠡᠭᠡᠨ ᠦᠯᠡᠲᠡᠭᠡᠬᠦ ᠲᠡᠷᠨ ᠴᠠᠭ ᠲᠤ ᠦᠨ᠎ᠡ ᠴᠡᠨ᠎ᠡ ᠨᠢ ᠮᠡᠲᠡᠷᠡᠭᠲᠡᠲᠡᠭ᠃ ᠬᠦᠮᠦᠨ ᠲᠦᠷᠦᠯᠬᠢᠲᠡᠨ ᠤ ᠴᠡᠴᠡᠨ ᠪᠢᠯᠢᠭ ᠤᠨ ᠭᠠᠶᠢᠬᠠᠮᠰᠢᠭ ᠨᠢ ᠴᠠᠭᠠᠰᠤᠨ᠎ᠠ ᠰᠢᠮᠡᠳᠤᠨ᠂ ᠪᠡᠭᠡ ᠶᠢᠨ ᠠᠩᠬᠢᠯᠤᠮᠠᠯ ᠪᠤᠯᠵᠤ ᠦᠨᠦᠰᠲᠡᠬᠦ ᠦᠶ᠎ᠡ ᠳᠤ᠂ ᠨᠤᠮ ᠪᠢᠴᠢᠭ ᠤᠨ ᠦᠨᠡᠳᠤ ᠴᠢᠨᠡᠷ ᠨᠢ ᠪᠦᠷᠢᠳᠲᠡᠭ ᠰᠡᠨ᠃   ᠤᠨ ᠲᠤᠭᠠᠯᠠᠯ ᠤᠨ ᠡᠮᠦᠨᠡᠭᠢ 30 ᠳ᠋ᠤᠭᠠᠷ ᠵᠠᠭᠤᠨ ᠤ ᠪᠠᠷᠤᠭᠴᠠᠭ᠎ᠠ ᠪᠠᠷ ᠡᠷᠲᠡᠨ ᠤ ᠶᠧᠵᠢᠫᠲ ᠬᠡᠮᠡᠬᠦ ᠭᠠᠶᠢᠬᠠᠮᠰᠢᠭᠳᠤ ᠨᠤᠳᠤᠭ ᠤᠨ ᠨᠤᠮ ᠪᠢᠴᠢᠭ ᠤᠨ ᠪᠤᠷᠤ ᠲᠦᠯᠦᠪ ᠨᠢ ᠪᠦᠲᠦᠵᠤ ᠪᠡᠶᠡᠯᠡᠭᠰᠡᠨ ᠬᠡᠮᠡᠨ ᠰᠤᠳᠤᠯᠤᠭᠠᠴᠢᠳ ᠮᠠᠭᠠᠳᠯᠠᠵᠤ ᠲᠦᠰᠦᠭᠡᠯᠡᠲᠡᠭ ᠶᠤᠮᠰᠠᠨ᠃ ᠤᠷᠳᠤ ᠠᠴᠠ ᠤᠷᠳᠤ ᠲᠡᠤᠭᠡᠨ ᠠᠶᠠᠨ᠂ ᠬᠠᠲᠠᠭᠤ ᠠᠴᠠ ᠬᠠᠲᠠᠭᠤ ᠠᠮᠢᠳᠤᠷᠠᠯ ᠤᠨ ᠨᠤᠭᠤᠴᠢᠭᠠᠨ ᠢ ᠲᠤᠭᠤᠯᠤᠨ᠂ ᠨᠤᠮ ᠪᠢᠴᠢᠭ ᠨᠢ ᠦᠪᠡᠷ ᠤᠨ ᠭᠡᠬᠦ ᠬᠡᠪ ᠬᠡᠯᠪᠡᠷᠢ ᠲᠠᠢ ᠪᠤᠯᠵᠤ᠂ ᠲᠦᠷᠰᠤ ᠪᠠᠶᠢᠲᠠᠯ ᠨᠢ ᠲᠦᠯᠦᠪᠵᠢᠨ᠂ ᠲᠦᠰᠦᠪ ᠲᠦᠯᠦᠪᠯᠡᠭᠡ ᠨᠢ ᠪᠦᠷᠢᠳᠤᠨ᠂ ᠤᠳᠭ᠎ᠠ ᠠᠭᠤᠯᠬᠤᠨ ᠤ ᠬᠡᠮᠵᠢᠶ᠎ᠡ ᠨᠢ ᠲᠤᠳᠤᠷᠬᠠᠢ ᠪᠤᠯᠵᠤ᠂ ᠲᠠᠷᠬᠠᠵᠤ ᠲᠡᠯᠭᠡᠷᠡᠬᠦ ᠪᠤᠯᠤᠮᠵᠢ ᠨᠢ ᠤᠯᠠᠨ ᠪᠤᠯᠵᠤ᠂ ᠦᠪᠯᠡᠨ ᠤᠯᠠᠮᠵᠢᠯᠠᠭᠲᠠᠬᠤ ᠰᠢᠨᠵᠢ ᠨᠢ ᠲᠤᠭᠲᠠᠵᠤ᠂ ᠰᠢᠨᠡᠳᠤᠨ ᠬᠤᠪᠢᠷᠠᠬᠤ ᠰᠢᠯᠲᠠᠭᠠᠨ ᠨᠢ ᠴᠤ ᠨᠡᠮᠡᠭᠲᠡᠨ᠂ ᠦᠭᠡᠲᠡᠯᠡᠨ ᠬᠦᠭᠵᠢᠬᠦ ᠡᠷᠴᠢ ᠬᠦᠴᠦ ᠨᠢ ᠪᠠᠳᠤᠵᠢᠨ᠂ ᠬᠦᠮᠦᠨ ᠲᠦᠷᠦᠯᠬᠢᠲᠡᠨ ᠤ ᠬᠦᠭᠵᠢᠯ ᠤᠨ ᠵᠠᠮ ᠮᠦᠷ ᠢ ᠤᠳᠤᠷᠢᠳᠬᠤ ᠰᠤᠶᠤᠯ ᠤᠨ ᠴᠠᠮᠬᠠᠭ ᠪᠤᠯᠬᠤ ᠨᠢ ᠢᠯᠨ ᠲᠤᠳᠤᠷᠬᠠᠢ ᠪᠤᠯᠵᠠᠢ᠃   ᠨᠤᠮ ᠪᠢᠴᠢᠭ ᠭᠡᠲᠡᠭ ᠤᠨ ᠠᠩᠬᠠᠨ ᠤ ᠡᠬᠡ ᠨᠢ ᠮᠤᠳᠤ ᠴᠢᠯᠠᠭᠤᠨ ᠲᠡᠭᠡᠷ᠎ᠡ ᠰᠡᠶᠢᠯᠦᠭᠲᠡᠵᠤ ᠪᠠᠶᠢᠯ᠎ᠠ᠂ ᠶᠠᠰᠤ ᠲᠡᠮᠤᠷ ᠲᠡᠭᠡᠷ᠎ᠡ ᠴᠤ ᠰᠡᠶᠢᠯᠦᠭᠲᠡᠵᠤ ᠪᠠᠶᠢᠯ᠎ᠠ᠂ ᠪᠦᠰ ᠪᠠᠷᠠᠭᠠᠨ ᠲᠡᠭᠡᠷ᠎ᠡ ᠵᠢᠷᠤᠭᠲᠡᠨ ᠪᠢᠴᠢᠭᠲᠡᠵᠤ ᠪᠠᠶᠢᠭᠰᠠᠨ ᠶᠤᠮ᠃ ᠴᠠᠭ ᠤᠨ ᠴᠠᠬᠢᠯᠤᠯ ᠤᠨ ᠲᠤᠮᠲᠡ᠂ ᠴᠠᠭᠠᠰᠤ ᠬᠡᠮᠡᠬᠦ ᠰᠢᠨ᠎ᠡ ᠵᠠᠭᠤᠴᠢ ᠨᠢ ᠨᠤᠮ ᠪᠢᠴᠢᠭ ᠤᠨ ᠬᠦᠭᠵᠢᠯ ᠢ ᠤᠷᠬᠢᠯ ᠱᠠᠳᠤᠨ᠎ᠡ ᠬᠦᠷᠭᠡᠵᠤ ᠴᠢᠲᠠᠵᠠᠢ᠃ ᠴᠠᠭᠠᠰᠤᠨ ᠪᠠᠷ ᠤᠨ ᠨᠤᠮ ᠪᠢᠴᠢᠭ ᠤᠨ ᠡᠬᠦᠷᠴᠤ ᠲᠦᠬᠦᠷᠬᠦ ᠳᠤ ᠬᠦᠩᠭᠡᠭᠡᠨ᠂ ᠦᠰᠦᠭᠯᠡᠵᠤ ᠨᠢᠳᠤᠯᠡᠬᠦ ᠳᠤ ᠲᠤᠳᠤᠬᠠᠨ᠂ ᠦᠨ᠎ᠡ ᠬᠠᠩᠰᠢ ᠨᠢ ᠬᠢᠮᠲᠠᠬᠠᠨ᠂ ᠡᠷᠬᠢᠬᠦᠯᠵᠤ ᠤᠩᠰᠢᠬᠤ ᠳᠤ ᠠᠮᠠᠷᠬᠠᠨ ᠵᠡᠷᠭᠡ ᠰᠤᠳᠤᠨ ᠰᠢᠨᠵᠢ ᠪᠠᠷ ᠢᠶᠠᠨ ᠴᠠᠭ ᠤᠨ ᠴᠢᠭᠲᠠᠭᠠᠨ ᠤ ᠴᠡᠯᠮ᠎ᠡ ᠤᠭᠤᠰᠤᠷ ᠢ ᠨᠢ ᠠᠳᠬᠤᠵᠤ ᠠᠮᠵᠢᠭᠰᠠᠨ ᠶᠤᠮ   ᠨᠤᠮ ᠤᠨ ᠬᠡᠪ ᠬᠡᠯᠪᠡᠷᠢ ᠨᠢ ᠲᠦᠮᠡᠨᠲᠡ ᠬᠤᠪᠢᠷᠠᠵᠤ ᠮᠢᠩᠭᠠᠨᠲᠡ ᠦᠭᠡᠷᠡᠲᠦᠯ᠎ᠡ ᠴᠤ ᠭᠡᠰᠡᠨ᠂ ᠲᠤᠰᠬᠠᠵᠤ ᠪᠦᠬᠦᠢ ᠨᠠᠷᠢᠯᠢᠭ ᠠᠭᠤᠯᠭ᠎ᠠ᠂ ᠲᠤᠭᠤᠷᠪᠢᠵᠤ ᠭᠡᠪᠯᠡᠭᠰᠡᠨ ᠭᠡᠳᠤ ᠶᠢᠨ ᠵᠤᠷᠢᠯᠭ᠎ᠠ᠂ ᠬᠦᠷᠦᠭᠡᠳ ᠤᠴᠢᠬᠤ ᠶᠢᠨ ᠬᠦᠰᠡᠯ ᠮᠦᠷᠦᠭᠡᠳᠤᠯ ᠨᠢ ᠭᠠᠯ ᠬᠠᠯᠠᠭᠤᠨ ᠬᠡᠪ ᠢᠶᠠᠷ ᠢᠶᠠᠨ ᠪᠠᠶᠢᠵᠤ᠂ ᠬᠠᠨᠳᠤᠭᠤᠯᠵᠤ ᠵᠤᠷᠢᠭᠤᠯᠤᠭᠰᠠᠨ ᠡᠵᠡᠨ ᠪᠠᠶ᠎ᠠ ᠨᠢ ᠲᠤᠭᠲᠠᠩᠭᠤᠢ ᠰᠢᠨᠵᠢ ᠪᠠᠨ ᠪᠠᠳᠤᠲᠠ ᠬᠠᠲᠠᠭᠠᠯᠠᠭᠰᠠᠭᠠᠷ ᠪᠠᠶᠢᠵᠤ᠂ ᠮᠠᠨᠤᠰ ᠤᠨ ᠲᠤᠯᠠᠭᠠᠨ ᠠᠯᠠᠭᠠᠨ᠎ᠠ ᠲᠡᠯᠭᠡᠭᠲᠡᠵᠤ ᠪᠠᠶᠢᠭ᠎ᠠ ᠪᠢᠯᠨ᠃   ᠰᠠᠶᠢᠨ ᠰᠠᠶᠢᠬᠠᠨ᠂ ᠭᠤᠸ᠎ᠠ ᠲᠠᠩᠰᠤᠭ᠂ ᠲᠦᠪ ᠴᠢᠬᠢᠮᠡᠢ᠂ ᠠᠷᠢᠭᠤᠨ ᠲᠠᠷᠬᠠᠨ ᠪᠤᠯ ᠬᠦᠮᠦᠨ ᠲᠦᠷᠦᠯᠬᠢᠲᠡᠨ ᠤ ᠮᠦᠷᠦᠭᠡᠳᠤᠯ ᠤᠨ ᠲᠤᠷᠭᠠᠨ ᠮᠡᠲᠡᠷᠡᠮᠵᠢ ᠨᠢ ᠶᠤᠮ᠃ ᠤᠷᠴᠢᠯᠠᠩ ᠵᠢᠷᠲᠢᠨᠴᠤ ᠶᠢᠨ ᠲᠤᠬᠠᠢ ᠵᠦᠪ ᠮᠡᠲᠡᠯᠭᠡ ᠶᠢ ᠬᠦᠮᠦᠨ ᠲᠦᠷᠦᠯᠬᠢᠲᠡᠨ ᠳᠤ ᠤᠯᠭᠤᠵᠤ ᠴᠢᠲᠠᠲᠠᠭ ᠨᠤᠮ ᠢ ᠰᠠᠶᠢᠨ ᠨᠤᠮ ᠭᠡᠲᠡᠭ᠃ ᠤᠴᠢᠷ ᠨᠢ ᠵᠦᠪ ᠤᠨᠤᠯ᠂ ᠵᠢᠩᠬᠢᠨᠢ ᠮᠡᠲᠡᠯᠭᠡ ᠨᠢ ᠬᠦᠮᠦᠨ ᠲᠦᠷᠦᠯᠬᠢᠲᠡᠨ ᠤ ᠦᠢᠯᠡᠳᠤᠯᠭᠡ ᠶᠢᠨ ᠵᠦᠪ ᠴᠢᠭᠯᠡᠯ ᠢ ᠵᠢᠯᠤᠭᠤᠳᠴᠤ ᠴᠢᠲᠠᠲᠠᠭ᠃ ᠵᠦᠪ ᠮᠡᠲᠡᠯᠭᠡ᠂ ᠵᠦᠪ ᠠᠷᠭ᠎ᠠ ᠶᠢ ᠬᠠᠩᠭᠠᠵᠤ ᠦᠭᠴᠤ ᠴᠢᠲᠠᠬᠤ ᠭᠡᠲᠡᠭ ᠪᠤᠯ ᠰᠠᠶᠢᠨ ᠨᠤᠮ ᠢ ᠦᠨᠡᠯᠡᠬᠦ ᠰᠠᠭᠤᠷᠢ ᠪᠠᠷᠢᠮᠵᠢᠶ᠎ᠠ ᠨᠢ ᠲᠡᠷᠨ ᠪᠢᠯᠨ᠃ ᠲᠠᠶᠠᠭᠠᠷ ᠤᠯᠠᠨ ᠳᠤ ᠮᠡᠲᠡᠷᠡᠭᠲᠡᠭᠰᠡᠨ ᠰᠣᠩᠭᠤᠳᠠᠭ ᠨᠣᠮ ᠪᠤᠯ ᠤᠨᠴᠨ ᠰᠠᠶᠢᠨ ᠨᠤᠮ ᠤᠨ ᠬᠡᠪᠴᠢᠶᠠᠨ ᠳᠤ ᠪᠠᠭᠲᠠᠲᠠᠭ᠃ ᠰᠤᠩᠭᠤᠲᠠᠭ ᠨᠤᠮ ᠪᠢᠴᠢᠭ ᠭᠡᠲᠡᠭ ᠪᠤᠯ ᠦᠨᠢ ᠤᠲᠠᠭᠠᠨ ᠲᠡᠤᠭᠡ ᠶᠢᠨ ᠤᠷᠤᠰᠬᠠᠯ ᠤᠨ ᠰᠢᠭᠰᠢᠯᠲᠡ ᠰᠤᠩᠭᠤᠯᠲᠡ ᠶᠢ ᠲᠡᠮᠵᠢᠨ᠂ ᠦᠩᠭᠡ ᠬᠢᠯᠪᠠᠭ᠎ᠠ ᠪᠠᠨ ᠮᠦᠩᠭᠡ ᠬᠠᠲᠠᠭᠠᠯᠠᠵᠤ ᠴᠢᠲᠠᠭᠰᠠᠨ ᠦᠯᠢᠭᠡᠷ ᠲᠠᠭᠤᠷᠢᠶᠠᠯ ᠤᠨ ᠴᠢᠨᠡᠷ ᠲᠠᠢ᠂ ᠡᠷᠭᠡ ᠰᠦᠷᠳᠤ ᠴᠢᠨᠡᠷ᠂ ᠡᠷᠬᠢᠮᠨᠡᠨ ᠨᠠᠨᠳᠢᠩᠨᠠᠬᠤ ᠦᠨ᠎ᠡ ᠴᠠᠨ᠎ᠡ ᠪᠦᠬᠦᠢ ᠪᠦᠬᠦ᠋ᠯᠨ ᠤᠷᠠᠨ ᠪᠦᠲᠦᠭᠡᠯ ᠢ ᠬᠡᠯᠡᠲᠡᠭ᠃ ᠠᠲᠠᠯᠢ ᠪᠤᠰᠤ ᠴᠠᠭ ᠡᠷᠢᠨ ᠤ ᠲᠦᠷᠦ ᠬᠦᠷᠦᠨ᠂ ᠠᠲᠠᠯᠢ ᠪᠤᠰᠤ ᠠᠷᠠᠰᠤᠲᠠᠨ ᠶᠠᠰᠤᠲᠠᠨ ᠤ ᠬᠦᠮᠦᠨ ᠠᠷᠠᠳ ᠤᠨ ᠰᠤᠩᠭᠤᠲᠠᠭ ᠨᠤᠮ ᠤᠨ ᠪᠠᠷᠢᠮᠵᠢᠶ᠎ᠡ ᠨᠢ ᠮᠠᠰᠢ ᠵᠦᠷᠢᠶ᠎ᠠ ᠲᠠᠢ᠃ ᠬᠦᠮᠦᠨ ᠲᠦᠷᠦᠯᠬᠢᠲᠡᠨ ᠤ ᠬᠦᠭᠵᠢᠯ ᠲᠡᠪᠰᠢᠯ ᠤᠨ ᠪᠦᠬᠦ᠋ᠯᠨ ᠱᠠᠳᠤ ᠦᠶ᠎ᠡ ᠳᠤ᠂ ᠰᠠᠶᠢᠨ ᠰᠠᠶᠢᠬᠠᠨ ᠢ ᠬᠦᠰᠡᠨ ᠮᠦᠷᠦᠭᠡᠳᠦᠭᠰᠡᠨ᠂ ᠭᠤᠸ᠎ᠠ ᠰᠠᠶᠢᠬᠠᠨ ᠢ ᠪᠠᠭᠠᠳᠤᠨ ᠪᠠᠭᠠᠷᠬᠠᠭᠰᠠᠨ᠂ ᠡᠷᠡᠯᠭᠡᠭ ᠵᠤᠷᠢᠭ ᠢ ᠰᠢᠳᠤᠨ ᠪᠢᠰᠢᠷᠡᠭᠰᠡᠨ᠂ ᠡᠩᠭᠡ ᠲᠠᠶᠢᠪᠤᠩ ᠢ ᠲᠡᠭᠡᠳᠤᠯᠡᠨ ᠰᠢᠳᠦᠭᠰᠡᠨ ᠵᠡᠷᠭᠡ ᠰᠠᠶᠢᠨ ᠰᠠᠶᠢᠬᠠᠨ᠂ ᠭᠤᠸ᠎ᠠ ᠭᠠᠶᠢᠬᠠᠮᠰᠢᠭ᠂ ᠡᠩᠭᠡ ᠠᠮᠤᠭᠤᠯᠠᠩ ᠂ ᠡᠰᠡᠨᠢᠯ ᠮᠠᠨᠳᠤᠯ ᠢ ᠵᠤᠷᠢᠭᠰᠠᠨ ᠬᠦᠰᠡᠯ ᠮᠦᠷᠦᠭᠡᠳᠤᠯᠳᠤ ᠴᠢᠭᠯᠡᠯ ᠨᠢ ᠨᠡᠶᠢᠲᠡᠮ ᠳᠡᠭᠡᠨ ᠢᠵᠢᠯ ᠰᠢᠨᠵᠢ ᠲᠠᠢ ᠪᠠᠶᠢᠲᠠᠭ ᠰᠠᠨ᠃   ᠰᠤᠩᠭᠤᠲᠠᠭ ᠨᠤᠮ ᠪᠢᠴᠢᠭ ᠨᠢ ᠬᠦᠮᠦᠨ ᠲᠦᠷᠦᠯᠬᠢᠲᠡᠨ ᠢ ᠰᠠᠶᠢᠨ ᠰᠠᠶᠢᠬᠠᠨ ᠵᠦᠭ ᠲᠤ ᠲᠠᠭᠠᠭᠤᠯᠤᠨ᠂ ᠭᠡᠷᠡᠯ ᠬᠡᠭᠡ ᠵᠦᠭ ᠬᠦᠲᠦᠯᠬᠦ ᠰᠢᠲᠢ ᠤᠪᠠᠳᠢᠰ ᠲᠠᠢ ᠶᠤᠮ᠃ ᠪᠦᠷᠢᠨ ᠪᠦᠲᠦᠨ ᠮᠡᠲᠡᠯᠭᠡ ᠶᠢᠨ ᠬᠡᠯᠬᠢᠶᠠᠰᠤ᠂ ᠰᠢᠰᠲ᠋ᠧᠮᠵᠢᠭᠰᠡᠨ ᠤᠨᠤᠯ ᠢ ᠬᠠᠩᠭᠠᠵᠤ ᠴᠢᠲᠠᠲᠠᠭ ᠨᠤᠮ ᠨᠢ ᠰᠠᠶᠢᠨ ᠨᠤᠮ ᠳᠤ ᠲᠤᠭᠠᠴᠠᠭᠲᠠᠲᠠᠭ᠃ ᠨᠤᠮ ᠢ ᠬᠠᠶᠢᠷᠠᠯᠠᠨ ᠤᠩᠰᠢᠬᠤ ᠨᠢ ᠬᠠᠷᠠᠴᠨ ᠬᠠᠷᠠᠭ᠎ᠠ ᠪᠠᠨ ᠦᠷᠭᠡᠳᠭᠡᠨ᠂ ᠮᠡᠲᠡᠯᠭᠡ ᠮᠡᠲᠡᠴᠨ ᠪᠠᠨ ᠲᠡᠯᠡᠬᠦ ᠶᠢᠨ ᠲᠦᠯᠦᠭᠡ ᠶᠤᠮᠰᠡᠨ᠃ ᠰᠠᠶᠢᠨ ᠨᠤᠮ ᠪᠤᠯ ᠶᠠᠮᠡᠷ ᠨᠢᠭᠡᠨ ᠬᠦᠷᠢᠶ᠎ᠠ ᠴᠠᠷᠠᠭ᠎ᠠ ᠶᠢᠨ ᠬᠤᠪᠢ ᠳᠤ᠂ ᠬᠦᠮᠦᠨ ᠲᠦᠷᠦᠯᠬᠢᠲᠡᠨ ᠳᠤ ᠪᠦᠷᠢᠨ ᠪᠦᠲᠦᠨ ᠮᠡᠲᠡᠯᠭᠡ ᠶᠢ ᠬᠠᠩᠭᠠᠨ ᠦᠭᠴᠤ᠂ ᠰᠢᠮ᠎ᠡ ᠬᠦᠷᠲᠡᠬᠦ ᠭᠡᠰᠡᠨ ᠬᠦᠰᠡᠯ ᠢ ᠨᠢ ᠬᠠᠩᠭᠠᠵᠤ ᠴᠢᠲᠠᠲᠠᠭ᠃ ᠬᠦᠮᠦᠰ ᠲᠤ ᠠᠷᠭ᠎ᠠ ᠲᠤᠷᠰᠢᠯᠭ᠎ᠠ ᠬᠠᠩᠭᠠᠨ᠂ ᠶᠠᠪᠤᠲᠠᠯ ᠠᠶᠠᠯᠠᠯ ᠢ ᠨᠢ ᠰᠢᠯᠤᠭᠤᠨ ᠰᠢᠭᠤᠳ ᠪᠤᠯᠭᠠᠵᠤ ᠴᠢᠲᠠᠲᠠᠭ ᠰᠡᠨ᠃ ᠠᠷᠭ᠎ᠠ ᠲᠤᠷᠰᠢᠯᠭ᠎ᠠ ᠭᠡᠲᠡᠭ ᠪᠤᠯ ᠠᠲᠠᠷᠠᠮᠠᠭᠠᠳᠤ ᠠᠮᠢᠳᠤᠷᠠᠯ ᠤᠨ ᠦᠭᠰᠦᠭᠡᠨ ᠲᠤᠮᠲᠡ ᠮᠡᠷᠡᠶᠢᠵᠤ ᠶᠠᠪᠤᠬᠤ ᠳᠠᠭᠠᠨ ᠬᠤᠷᠠᠮᠳᠤᠭᠤᠯᠵᠤ ᠤᠯᠤᠭᠰᠠᠨ ᠦᠨᠡᠳᠤ ᠡᠷᠲᠡᠨᠢ ᠶᠢ ᠨᠡᠷᠡᠯᠡᠲᠡᠭ ᠶᠤᠮᠰᠡᠨ᠃   ᠨᠤᠮ ᠪᠢᠴᠢᠭ ᠭᠡᠲᠡᠭ ᠤᠷᠠᠨ ᠪᠦᠲᠦᠭᠡᠯᠴᠢ ᠶᠢᠨ ᠤᠷᠬᠢᠯᠦᠨ ᠪᠠᠲᠠᠷᠠᠭᠰᠠᠨ ᠠᠪᠢᠶᠠᠰ ᠤᠩᠭᠤᠳ᠂ ᠤᠶᠢᠭ᠎ᠠ ᠦᠭᠡᠢ ᠶᠡᠭᠡ ᠬᠦᠴᠦ ᠬᠦᠲᠡᠯᠮᠤᠷᠢ ᠪᠠᠷ ᠲᠤᠭᠤᠷᠪᠢᠵᠤ ᠪᠦᠲᠦᠭᠡᠭᠲᠡᠭᠰᠡᠨ ᠤᠶᠤᠨ ᠤᠬᠠᠭᠠᠨ ᠤ ᠰᠢᠲᠢᠳᠤ ᠲᠠᠷᠠᠰᠤ ᠪᠢᠯᠡ᠃ ᠶᠠᠲᠠᠷᠠᠭᠰᠠᠨ ᠴᠠᠭ ᠲᠤ ᠲᠡᠩᠭᠡᠭᠡ ᠬᠠᠶᠢᠷᠠᠯᠠᠵᠤ᠂ ᠤᠮᠲᠠᠭᠠᠰᠤᠭᠰᠠᠨ ᠦᠶ᠎ᠡ ᠳᠤ ᠷᠠᠰᠢᠶᠠᠨ ᠪᠤᠯᠵᠤ᠂ ᠮᠤᠬᠤᠷᠲᠠᠭᠰᠠᠨ ᠦᠶ᠎ᠡ ᠳᠤ ᠴᠠᠮᠬᠠᠭ ᠪᠤᠯᠵᠤ᠂ ᠴᠤᠴᠠᠷᠲᠠᠭᠰᠠᠨ ᠴᠠᠭ ᠲᠤ ᠲᠠᠶᠢᠳᠬᠤᠷᠠᠯ ᠪᠤᠯᠲᠠᠭ ᠴᠤᠬᠠᠭ ᠡᠷᠲᠠᠨᠢ ᠶᠤᠮ᠃ ᠨᠤᠮ ᠢ ᠭᠠᠷ ᠲᠠᠭᠠᠨ ᠪᠠᠷᠢᠵᠤ᠂ ᠨᠢᠳᠤ ᠪᠠᠷ ᠦᠰᠦᠭ ᠢ ᠨᠢ ᠦᠬᠦᠭᠡᠷᠳᠤᠨ᠂ ᠤᠳᠭ᠎ᠠ ᠶᠢ ᠨᠢ ᠴᠡᠭᠡᠵᠢᠨ ᠳᠡᠭᠡᠨ ᠲᠤᠩᠭᠠᠵᠤ᠂ ᠵᠦᠢ ᠶᠢ ᠨᠢ ᠪᠢᠰᠢᠯᠭᠠᠨ ᠪᠠᠶᠢᠵᠤ ᠠᠮᠢᠳᠤᠷᠠᠯ ᠤᠨ ᠢᠶᠠᠨ ᠠᠯᠬᠤᠭ᠎ᠠ ᠶᠠᠪᠤᠴᠨ ᠪᠤᠯᠭᠠᠨ ᠨᠤᠮ ᠪᠢᠴᠢᠭ ᠤᠨ ᠰᠢᠲᠢ ᠤᠪᠠᠳᠢᠰ ᠢ ᠨᠢ ᠮᠡᠲᠡᠷᠡᠵᠤ ᠶᠠᠪᠤᠵᠠᠭᠠᠶ᠎ᠠ︕
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号