ᠬᠦᠳᠡᠯᠮᠦᠷᠢ ᠶᠢᠨ ᠤᠷᠢᠶ᠎ᠠ ᠲᠠᠢ ᠬᠠᠪᠤᠷ ᠤᠨ ᠲᠤᠷᠠᠰᠤᠮᠵᠢ
ᠨᠡᠶᠢᠲᠡᠯᠡᠭᠰᠡᠨ ᠴᠠᠭ᠄
2024/4/17
  ᠡᠭᠡᠪᠤᠷ ᠲᠠᠭᠠᠭᠰᠠᠨ ᠴᠠᠰᠤ ᠵᠠᠬ᠎ᠠ ᠬᠦᠪᠡᠭᠡ ᠠᠴᠠ ᠪᠠᠨ ᠰᠡᠮᠡᠷᠡᠨ ᠬᠠᠶᠢᠯᠵᠤ᠂ ᠨᠤᠳᠤᠭ ᠤᠨ ᠪᠤᠷᠤᠬᠠᠨ ᠰᠢᠪᠠᠭᠤᠳ ᠨᠠᠷᠠ ᠲᠠᠢ ᠤᠷᠤᠯᠳᠤᠵᠤ ᠱᠤᠯᠤᠭᠠᠨᠠᠯᠳᠤᠨ᠂ ᠨᠢᠳᠦ ᠨᠢ ᠰᠡᠷᠬᠦᠭᠰᠡᠨ ᠰᠢᠳᠤᠯᠠᠩ ᠤᠳ ᠰᠡᠬᠦᠯ ᠰᠤᠭᠰᠦ᠋ᠢᠯᠭᠠᠨ ᠰᠤᠷᠳᠤᠭᠤᠯᠠᠵᠤ᠂ ᠬᠦᠳᠡᠭᠡ ᠶᠢᠨ ᠪᠡᠯᠴᠢᠭᠡᠷ ᠲᠤ ᠲᠤᠶᠢᠭ ᠤᠨ ᠲᠠᠭᠤᠨ ᠠᠶᠢᠵᠠᠮᠯᠠᠨ ᠤᠶᠠᠩᠭᠠᠷᠠᠭᠠᠳ ᠁ ᠮᠢᠨᠦ ᠨᠤᠳᠤᠭ ᠤᠨ ᠬᠠᠪᠤᠷ ᠲᠠᠭᠤᠳᠠᠢ ᠱᠤᠤᠳᠠᠢ ᠰᠠᠭᠠᠳᠠᠳᠠᠭ ᠰᠠᠨ᠃   ᠤᠶᠠᠩᠭ᠎ᠠ ᠡᠬᠡᠰᠢᠭ ᠬᠠᠩᠬᠢᠨᠠᠨ᠂ ᠤᠯᠠᠨ ᠠᠵᠢᠯ ᠬᠦᠪᠦᠷᠡᠭᠰᠡᠨ ᠬᠦᠳᠡᠯᠮᠦᠷᠢ ᠶᠢᠨ ᠤᠷᠢᠶ᠎ᠠ ᠲᠠᠢ ᠬᠠᠪᠤᠷ ᠤᠨ ᠤᠯᠠᠷᠢᠯ ᠰᠠᠶᠢᠬᠠᠨ ᠠᠴᠠ ᠰᠠᠶᠢᠬᠠᠨ ᠡ᠃ ᠬᠤᠷᠠᠭ᠎ᠠ ᠢᠰᠢᠬᠡ ᠠᠮᠠᠳᠠᠭᠤᠯᠬᠤ᠂ ᠬᠤᠷᠤᠭ᠎ᠠ ᠬᠤᠳᠠ ᠬᠠᠭᠤᠷᠠᠶᠢᠯᠠᠬᠤ ︵ᠨᠤᠷᠠᠯᠠᠬᠤ︶᠂ ᠬᠠᠭᠠᠷᠬᠠᠢ ᠴᠤᠭᠤᠷᠬᠠᠢ ᠦᠮᠦᠷᠡᠬᠦᠯᠬᠦ ︵ᠤᠶᠤᠬᠤ︶ ᠁ ᠭᠡᠳ ᠡᠵᠢ ᠶᠢᠨ ᠠᠵᠢᠯ ᠮᠤᠩᠳᠠᠬᠤ ᠦᠭᠡᠢ᠃ ᠲᠦᠯ ᠲᠠᠯᠪᠢᠬᠤ᠂ ᠬᠤᠨᠢ ᠲᠦᠢᠭ᠌ᠯᠠᠬᠤ᠂ ᠲᠦᠯ ᠤᠨ ᠵᠤᠩᠭᠠᠭ ᠴᠡᠪᠡᠷᠯᠡᠬᠦ ᠁ ᠭᠡᠳ ᠮᠢᠨᠦ ᠠᠵᠢᠯ ᠴᠦ ᠬᠢᠷᠢ ᠳᠡᠭᠡᠨ ᠶᠠᠭᠠᠷᠠᠤ᠃ ᠵᠠ᠂ ᠡᠶᠢᠮᠦ ᠬᠤᠶᠠᠷ ᠠᠵᠢᠯᠰᠠᠭ ᠬᠦᠮᠦᠨ ᠡᠨᠡ ᠠᠶᠢᠯ ᠤᠨ ᠬᠡᠷ ᠤᠷᠤᠨ᠂ ᠬᠤᠳᠠ ᠬᠤᠷᠤᠭᠠᠨ ᠤ ᠲᠤᠮᠳᠠ ᠬᠤᠯᠬᠢᠵᠤ ᠦᠨᠵᠢᠳᠡᠭ ᠪᠤᠯ ᠲᠦᠯᠡᠭᠡ ᠤᠰᠤ ᠲᠡᠩᠨᠡᠬᠦ᠂ ᠡᠮᠨᠢᠭ ᠲᠤᠭᠰᠢᠨ ᠰᠤᠷᠭᠠᠬᠤ᠂ ᠰᠢᠭᠡᠭ ᠬᠦᠷᠵᠡᠩ ᠬᠢᠰᠭᠢᠬᠦ ᠁ ᠭᠡᠳ ᠠᠪᠤ ᠲᠡᠷᠢᠬᠦᠳᠡᠢ ᠮᠠᠨ ᠤ ᠡᠷᠡᠴᠦᠦᠯ ᠤᠨ ᠠᠵᠢᠯ ᠴᠦ ᠵᠠᠬ᠎ᠠ ᠠᠴᠠ ᠠᠪᠤᠨ᠂ ᠵᠠᠮ ᠠᠴᠠ ᠦᠷᠬᠦᠯᠵᠢᠯᠡᠨ᠎ᠡ᠃ᠮᠠᠯ ᠪᠡᠭᠡᠷᠡᠭ ᠪᠤᠯᠤᠨ᠎ᠠ ᠭᠡᠳ ᠮᠠᠨ ᠤ ᠬᠢ ᠬᠤᠨᠢ ᠮᠠᠯ ᠢᠶᠠᠨ ᠬᠤᠷᠢᠵᠤ ᠬᠠᠰᠢᠶᠠᠯᠠᠬᠤ ᠶᠢ ᠲᠠᠭᠠᠯᠠᠬᠤ ᠦᠭᠡᠢ᠃ ᠫᠧᠩ ᠰᠠᠷᠠᠪᠴᠢ᠂ ᠬᠤᠷᠤᠭ᠎ᠠ ᠬᠠᠰᠢᠶ᠎ᠠ ᠮᠡᠳᠦ ᠶᠢᠨ ᠪᠠᠷᠢᠯᠭ᠎ᠠ ᠲᠦᠬᠦᠭᠡᠷᠦᠮᠵᠢ ᠶᠢᠨ ᠲᠠᠯ᠎ᠠ ᠪᠠᠷ ᠭᠠᠪᠢᠬᠤ ᠦᠭᠡᠢ ᠴᠦ ᠭᠡᠯ᠎ᠡ ᠬᠤᠨᠢ ᠪᠠᠨ ᠪᠡᠭᠡᠷᠡᠬᠦᠯᠦᠨ᠂ ᠢᠮᠠᠭ᠎ᠠ ᠪᠠᠨ ᠲᠠᠷᠤᠴᠠᠭᠤᠯᠵᠤ᠂ ᠬᠦᠭ ᠢᠶᠠᠨ ᠲᠠᠷᠢᠨ ᠬᠦᠳᠦᠰᠦ ᠪᠠᠨ ᠴᠢᠷᠴᠦ ᠪᠠᠶᠢᠭ᠎ᠠ ᠦᠭᠡᠢ᠃    ᠶᠢᠰᠦ ᠤᠷᠤᠬᠤ ᠳᠤ ᠮᠠᠯ ᠢᠶᠠᠨ ᠬᠦᠷᠵᠡᠩ ᠢᠶᠠᠷ ᠪᠠᠷᠢᠭᠰᠠᠨ ᠵᠠᠳᠠᠭᠠᠢ ᠬᠤᠷᠤᠭᠠᠨ ᠳᠤ ᠬᠤᠷᠢᠵᠤ᠂ ᠲᠠᠪᠤ ᠵᠢᠰᠦ ᠲᠤᠭᠠᠯᠠᠩᠭᠤᠳᠠ ︽ᠮᠠᠯ ᠤᠨ ᠭᠡᠭᠡᠯ ᠰᠢᠬᠠᠴᠢᠬᠠᠨ᠎ᠠ︕︾ ᠭᠡᠳ ᠵᠠᠳᠠᠭᠠᠢ ᠬᠤᠨᠤᠭᠤᠯᠤᠨ᠂ ᠠᠪᠤ ᠡᠵᠢ ᠬᠤᠶᠠᠷ ᠡᠭᠡᠯᠵᠢᠯᠡᠨ ᠬᠤᠳᠠ ᠡᠷᠬᠢᠵᠦ ᠨᠢᠯᠬ᠎ᠠ ᠲᠦᠯ ᠢᠶᠠᠨ ᠡᠰᠡᠨ ᠮᠡᠨᠳᠦ ᠲᠤᠰᠤᠨ᠎ᠠ᠃ ᠲᠠᠩ ᠪᠦᠷᠢᠶᠡᠰᠦ ᠲᠠᠢ ᠬᠡᠷ ᠢᠶᠠᠨ ᠲᠦᠬᠡ ᠵᠤᠵᠠᠭᠠᠨ ᠨᠤᠷᠠᠯᠠᠭᠠᠳ ᠪᠠᠷᠠᠭᠤᠨ ᠬᠤᠶᠢᠳᠤ ᠬᠠᠶᠠᠭ᠎ᠠ ᠪᠠᠷ ᠨᠢ ᠬᠦᠷᠵᠡᠩ ᠢᠶᠠᠷ ᠲᠠᠰᠤᠯᠪᠤᠷᠢ ᠪᠠᠷᠢᠵᠦ ᠨᠢᠯᠬ᠎ᠠ ᠲᠦᠯ ᠢᠶᠠᠨ ᠬᠤᠷᠢᠵᠤ᠂ ᠬᠦᠷᠦᠪᠡ ᠶᠢ ᠨᠢ ᠲᠦᠯ ᠤᠨ ᠭᠡᠷ ᠭᠡᠵᠦ ᠪᠡᠯᠡᠳᠭᠡᠭᠰᠡᠨ ᠮᠤᠩᠭᠤᠯ ᠭᠡᠷ ᠲᠡᠭᠡᠨ ᠵᠠᠳᠠᠭᠠᠢ ᠬᠤᠨᠤᠭᠤᠯᠤᠨ᠎ᠠ᠃ ᠲᠦᠯ ᠬᠡᠴᠢᠨᠡᠨ ᠤᠯᠠᠨ ᠴᠦ ᠮᠠᠯ ᠲᠦᠯᠯᠡᠵᠦ ᠲᠠᠭᠤᠰᠬᠤ ᠠᠴᠠ ᠡᠮᠦᠨ᠎ᠡ ᠮᠠᠯ ᠬᠠᠰᠢᠶᠠᠯᠠᠵᠤ ᠲᠦᠯ ᠢᠯᠠᠭᠠᠠᠤ ᠶᠢ ᠮᠡᠳᠡᠬᠦ ᠦᠭᠡᠢ᠃ ᠵᠠᠭᠤ ᠭᠠᠷᠤᠢ ᠬᠤᠶᠠᠷ ᠵᠠᠭᠤ ᠰᠢᠬᠠᠮ ᠬᠤᠷᠠᠭ᠎ᠠ ᠶᠢ ᠨᠢᠬᠡ ᠨᠢᠬᠡ ᠪᠠᠷ ᠨᠢ ᠪᠠᠷᠢᠵᠤ ᠵᠦᠬᠡᠬᠡᠳᠡᠭ᠃ ᠬᠦᠷᠦᠪᠡᠵᠢᠭᠰᠡᠨ ᠬᠤᠷᠠᠭ᠎ᠠ ᠪᠠᠷᠢᠬᠤ ᠳᠤ ᠬᠡᠴᠡᠬᠦᠦ᠃ ᠠᠷᠠᠢ ᠭᠡᠵᠦ ᠪᠠᠷᠢᠭᠠᠳ ᠰᠤᠭᠤᠪᠴᠢᠯᠠᠬᠤ ᠪᠠᠷ ᠴᠠᠳᠬᠤᠯᠠᠩ ᠬᠡᠳᠡᠰᠦ ᠨᠢ ᠲᠤᠭᠤᠭᠰᠢ ᠪᠠᠨ ᠤᠨᠵᠢᠨ ᠬᠤᠶᠢᠳᠦ ᠬᠦᠯ ᠨᠢ ᠭᠠᠵᠠᠷ ᠲᠠᠢ ᠦᠷᠬᠦᠯᠵᠢᠯᠡᠨ᠎ᠡ᠃ ᠰᠤᠭᠤᠪᠴᠢᠯᠠᠭᠰᠠᠨ ᠡᠵᠡᠨ ᠨᠢ ᠠᠷᠭ᠎ᠠ ᠦᠭᠡᠢ ᠵᠢᠵᠢᠭᠬᠡᠨ ᠪᠤᠯᠤᠭᠠᠳ ᠲᠡᠷᠡ ᠪᠢᠵᠠ᠃ ᠲᠦᠯ ᠢᠶᠠᠨ ᠡᠷᠬᠦᠵᠦ ︵ᠲᠦᠯ ᠪᠡᠷᠢᠵᠦ ᠬᠤᠷᠢᠶᠠᠯᠠᠬᠤ ᠶᠢ ᠲᠦᠯ ᠡᠷᠬᠦᠨ᠎ᠡ ᠭᠡᠳᠡᠭ︶ ᠲᠠᠭᠤᠰᠤᠮᠠᠭᠴᠠ ᠰᠤᠯᠢ᠂ ᠴᠠᠬᠢᠯᠳᠠᠭ᠂ ᠲᠡᠷᠡᠰᠦᠨ ᠤ ᠦᠯᠦᠩ ᠢ ᠨᠠᠷᠢᠨ ᠰᠢᠳᠠᠮ ᠢᠶᠠᠷ ᠴᠢᠩᠭ᠎ᠠ ᠪᠤᠭᠤᠵᠤ᠂ ᠤᠨᠢᠨ ᠠᠴᠠ ᠠᠳᠡ ᠲᠡᠨᠳᠡ ᠦᠭᠡᠢ ᠵᠢᠷᠶᠢᠳᠡᠯ᠎ᠡ ᠤᠶᠠᠨ᠂ ᠲᠦᠯ ᠬᠤᠵᠢᠷᠰᠢᠨ᠎ᠡ ᠬᠡᠮᠡᠨ ᠬᠠᠨ᠎ᠠ ᠶᠢᠨ ᠨᠢᠳᠦᠨ ᠳᠤ ᠪᠤᠳᠠᠷᠭᠠᠨ᠎ᠠ ᠬᠠᠪᠴᠢᠭᠤᠯᠤᠨ᠎ᠠ᠃ ᠵᠢᠪᠡᠷ ᠲᠤ ᠭᠠᠷᠴᠤ᠂ ᠰᠡᠷᠢᠬᠦᠨ ᠳᠤ ᠬᠦᠷᠦᠪᠡᠵᠢᠭᠰᠡᠨ ᠲᠦᠯ ᠨᠤᠤᠬᠠᠳᠤᠵᠤ ᠠᠮᠠᠷᠤᠳᠠᠬᠤ ᠶᠢᠨ ᠵᠤᠪᠠᠯᠠᠩ ᠦᠭᠡᠢ ᠪᠦᠬᠡ ᠦᠯᠴᠢᠷ ᠪᠠᠶᠢᠳᠠᠭ ᠨᠢ ᠮᠠᠯ ᠢᠶᠠᠨ ᠰᠡᠷᠢᠬᠦᠨ ᠤᠷᠴᠢᠨ ᠳᠤ ᠮᠠᠯᠵᠢᠭᠰᠠᠨ ᠤ ᠠᠴᠢ ᠪᠤᠶᠤ᠃   ᠰᠠᠭᠠᠭᠰᠠᠨ ᠮᠠᠯ ᠰᠦ ᠲᠠᠢ ᠲᠦᠯᠯᠡᠳᠡᠭ ᠭᠡᠳ ᠮᠠᠨ ᠤ ᠬᠢ ᠮᠠᠯ ᠢᠶᠠᠨ ᠰᠠᠭᠠᠵᠤ ᠰᠢᠪᠳᠤᠷᠬᠤ ᠶᠢ ᠮᠠᠰᠢ ᠡᠷᠬᠢᠮᠯᠡᠨ᠎ᠡ ᠃ ᠵᠤᠨ ᠳᠠᠭᠠᠨ ᠬᠤᠨᠢ ᠪᠠᠨ ᠬᠤᠯᠪᠤᠵᠤ ᠰᠠᠭᠠᠳᠠᠭ ᠪᠤᠯ ᠬᠠᠪᠤᠷ ᠲᠠᠭᠠᠨ ᠬᠤᠷᠠᠭᠠᠯᠠᠭᠰᠠᠨ ᠬᠤᠨᠢᠳ ᠢᠶᠠᠨ ᠨᠢᠬᠡ ᠨᠢᠬᠡ ᠪᠠᠷ ᠨᠢ ᠪᠠᠷᠢᠵᠤ ᠤᠴᠢᠭᠯᠠᠳᠠᠭ᠃ ᠮᠠᠨ ᠤ ᠬᠤᠨᠢᠳ ᠰᠦ ᠲᠠᠢ ᠲᠦᠯᠯᠡᠨ᠎ᠡ᠃ ︽ᠰᠦ ᠪᠠᠨ ᠪᠠᠷᠠᠬᠤ ᠦᠭᠡᠢ ᠴᠠᠳᠬᠤᠯᠳᠠᠭᠠᠳ ᠤᠭᠤᠷᠠᠭ ᠨᠢ ᠵᠠᠩᠬᠢᠷᠠᠵᠤ ᠪᠠᠭᠠᠰᠤ ᠰᠢᠬᠡᠰᠦ ᠠᠯᠳᠠᠬᠤ ᠪᠤᠢ᠃ ᠲᠡᠯᠡᠩ ᠨᠢ ᠴᠢᠨᠦᠵᠦ ᠰᠦ ᠨᠢ ᠲᠠᠳᠠᠷᠠᠬᠤ ᠪᠤᠢ ᠁︾ ᠭᠡᠳ ᠬᠤᠨᠢ ᠬᠤᠷᠠᠭᠠᠯᠠᠵᠤ ᠡᠬᠢᠯᠡᠩᠬᠦᠳᠡ ᠬᠤᠨᠢ ᠤᠴᠢᠭᠯᠠᠬᠤ ᠠᠵᠢᠯ ᠢᠳᠡ ᠬᠦᠭ ᠲᠠᠢ ᠦᠷᠨᠢᠨ᠎ᠡ᠃ ᠠᠪᠤ ᠡᠵᠢ ᠪᠢᠳᠠ ᠭᠤᠷᠪᠠᠭᠤᠯᠠ ᠬᠤᠨᠢ ᠤᠴᠢᠭᠯᠠᠵᠤ ︵ᠰᠠᠭᠠᠵᠤ︶᠂ ᠬᠦᠦᠴᠦᠦᠯ ᠬᠤᠨᠢᠳ ᠢ ᠰᠢᠬᠢᠷᠡᠳᠡᠨ ᠪᠠᠷᠢᠵᠤ᠂ ᠬᠦᠵᠦᠬᠦᠦ ᠪᠠᠷ ᠨᠢ ᠰᠤᠭᠤᠪᠴᠢᠯᠠᠨ ᠬᠦᠳᠡᠯᠬᠡᠬᠦ ᠦᠭᠡᠢ ᠵᠤᠭᠰᠤᠭᠠᠵᠤ ᠤᠴᠢᠭᠯᠠᠭᠤᠯᠤᠨ᠎ᠠ᠃ ᠬᠦᠬᠦ ᠲᠡᠯᠡᠩ ᠳᠡᠭᠡᠨ ᠭᠠᠷ ᠬᠦᠷᠭᠡᠬᠦᠯᠵᠦ ᠦᠵᠡᠭᠡ ᠦᠭᠡᠢ ᠨᠡᠮᠡᠷᠢ ᠶᠢᠨ ᠵᠤᠰᠠᠭ ᠤᠳ ᠲᠡᠪᠬᠡᠷᠦᠨ ᠰᠠᠭᠤᠯᠠᠭ᠎ᠠ ᠲᠠᠢ ᠰᠦ ᠴᠠᠯᠬᠢᠭᠤᠯᠤᠨ᠎ᠠ᠃ ︽ᠰᠠᠭᠤᠯᠠᠭ᠎ᠠ ᠪᠠᠨ ᠬᠤᠶᠠᠷ ᠡᠪᠦᠳᠦᠭ ᠢᠶᠠᠷ ᠢᠶᠠᠨ ᠰᠠᠶᠢᠨ ᠬᠠᠪᠴᠢᠪᠠᠯ ᠶᠠᠭᠠᠬᠢᠳᠠᠭ ᠶᠤᠮ︖ ᠰᠠᠭᠠᠯᠢ ᠰᠦ ᠠᠰᠬᠠᠪᠠᠯ ᠮᠠᠯ ᠤᠨ ᠪᠤᠶᠠᠨ ᠬᠠᠷᠢᠴᠢᠬᠠᠨ᠎ᠠ︕︾ ᠭᠡᠵᠤ ᠠᠪᠤ ᠡᠵᠢ ᠵᠢᠮᠡᠯᠡᠨ᠎ᠡ᠃ ᠬᠦᠦᠴᠦᠦᠯ ᠲᠤᠭᠰᠢᠨ ᠬᠤᠨᠢᠳ ᠢ ᠨᠤᠮᠤᠬᠠᠨ ᠵᠤᠭᠰᠤᠭᠠᠬᠤ ᠭᠡᠵᠤ ᠬᠦᠯ ᠭᠠᠷ ᠢᠶᠠᠨ ᠬᠢᠰᠭᠢᠬᠦᠯᠦᠨ ᠨᠢᠰᠦ ᠬᠦᠯᠦᠰᠦ ᠪᠠᠨ ᠭᠤᠭᠤᠵᠢᠭᠤᠯᠵᠤ᠂ ᠪᠤᠳᠤᠯᠢᠬᠤ ᠶᠢᠨ ᠶᠡᠭᠡ ᠪᠠᠷ ᠪᠤᠳᠤᠯᠢᠭᠰᠠᠨ ᠴᠦ ᠮᠠᠯ ᠬᠤᠢ ᠲᠠᠢ ᠨᠤᠴᠤᠯᠳᠤᠵᠤ ᠪᠢᠷ᠎ᠠ ᠲᠡᠩᠬᠡᠬᠡ ᠤᠷᠤᠨ ᠪᠡᠶ᠎ᠡ ᠬᠠᠷ᠎ᠠ ᠨᠢ ᠦᠰᠦᠨ᠎ᠡ᠃ ᠮᠠᠨ ᠤ ᠲᠤᠮᠤᠴᠤᠤᠯ ︽ᠬᠡᠳᠡᠰᠦ ᠴᠠᠳᠬᠤᠯᠠᠩ ᠪᠤᠯ ᠬᠡᠦᠬᠡᠳ ᠶᠠᠮᠠᠷ ᠶᠠᠳᠠᠷᠠᠨ᠎ᠠ ᠭᠡᠵᠤ ᠪᠠᠶᠢᠬᠤ ᠪᠢᠰᠢ᠃ ᠶᠤᠰᠤᠳᠠᠢ ᠨᠡᠷ᠎ᠡ ᠦᠭᠡᠢ ᠬᠦᠳᠡᠯᠮᠦᠷᠢᠴᠢᠳ︕︾ ᠭᠡᠵᠤ ᠱᠤᠪᠤᠭᠤᠷᠳᠠᠬᠤ ᠲᠤᠷᠠᠳᠠᠢ᠃ ᠰᠦ ᠲᠠᠢ ᠴᠠᠢ ᠤᠤᠭᠤᠵᠤ᠂ ᠴᠢᠨᠠᠭᠰᠠᠨ ᠤᠭᠤᠷᠠᠭ ᠢᠳᠡᠨ᠂ ᠱᠤᠪᠤᠭᠤᠷ ᠮᠠᠯᠠᠭᠠᠢ ᠪᠠᠷ ᠭᠤᠶᠤᠯᠠᠭᠰᠠᠨ ᠮᠠᠨ ᠤ ᠠᠬ᠎ᠠ ᠲᠡᠬᠦᠦ ᠬᠡᠳᠦ ᠶᠢᠨ ᠬᠦᠯ ᠡᠨᠡᠬᠡᠨ ᠦᠬᠡᠨ ᠳᠤ ᠯᠡ ᠬᠦᠩᠬᠡᠷᠡᠭᠡᠳ ᠢᠷᠡᠨ᠎ᠡ ᠳ᠋ᠠ᠃   ᠬᠦᠳᠡᠭᠡ ᠬᠤᠨᠢ ᠬᠤᠷᠠᠭᠠᠯᠠᠵᠤ ᠬᠤᠷᠠᠭ᠎ᠠ ᠡᠬᠦᠷᠬᠦ ᠬᠡᠴᠡᠬᠦᠦ ᠠᠵᠢᠯ ᠪᠠᠰᠠ ᠪᠤᠢ᠃ ᠮᠠᠨ ᠤ ᠪᠠᠷᠢᠭᠠᠳᠠ ᠬᠤᠴᠠ ᠤᠬᠤᠨ᠎ᠠ ᠶᠢᠨ ᠲᠤᠰᠬᠠᠢ ᠰᠦᠷᠦᠭ ᠲᠠᠢ᠃ ᠬᠠᠭᠤᠴᠢᠨ ᠤ ᠨᠠᠢᠮᠠᠨ ᠰᠠᠷ᠎ᠠ ᠭᠠᠷᠤᠩᠭᠤᠳᠠ ᠠᠶᠢᠯ ᠤᠳ ᠬᠤᠴᠠ ᠪᠠᠨ ᠬᠤᠳᠠᠨ ᠳᠠᠭᠠᠨ ᠠᠪᠴᠢᠷᠠᠵᠤ ᠰᠦᠷᠦᠭ ᠲᠡᠭᠡᠨ ᠲᠠᠯᠪᠢᠨ᠎ᠠ᠃ ᠮᠠᠨ ᠤ ᠬᠢ ᠤᠯᠠᠨ ᠬᠤᠨᠢ ᠲᠠᠢ᠃ ᠲᠦᠷᠪᠡ᠂ ᠲᠠᠪᠤᠨ ᠬᠤᠴᠠ ᠶᠢ ᠵᠡᠷᠭᠡ ᠳᠤᠨᠢ ᠲᠠᠯᠪᠢᠵᠤ᠂ ᠪᠦᠬᠡᠮ ᠢᠶᠠᠷ ᠲᠦᠯᠯᠡᠬᠦᠯᠳᠡᠭ᠃ ᠬᠦᠳᠡᠭᠡ ᠬᠤᠨᠢ ᠤᠯᠠᠨ ᠬᠤᠷᠠᠭᠠᠯᠠᠨ᠎ᠠ᠃ ᠪᠡᠯᠴᠢᠬᠡᠷ ᠲᠤ ᠭᠠᠷᠬᠤ ᠵᠠᠮ ᠳᠤ ᠬᠤᠷᠠᠭᠠᠯᠠᠭᠰᠠᠨ ᠢ ᠨᠢ ᠨᠦᠮᠦᠷᠢ ᠭᠠᠵᠠᠷ ᠬᠤᠷᠠᠭ᠎ᠠ ᠲᠠᠢ ᠨᠢ ᠤᠷᠬᠢᠨ᠂ ᠪᠤᠴᠠᠯᠭᠠᠨ ᠳᠠᠭᠠᠨ ᠲᠠᠭᠠᠷᠢᠵᠤ᠂ ᠬᠤᠷᠠᠭ᠎ᠠ ᠶᠢ ᠨᠢ ᠲᠠᠭᠠᠭᠤᠯᠤᠨ ᠭᠠᠳᠠᠨ᠎ᠠ ᠪᠠᠨ ᠲᠠᠭᠤᠵᠦ ᠠᠪᠴᠢᠷᠠᠳᠠᠭ᠃ ᠲᠡᠷᠡ ᠦᠶ᠎ᠡ ᠶᠢᠨ ᠮᠠᠯ ᠤᠷᠤᠭ᠎ᠠ ᠲᠤᠭᠰᠢᠨ᠂ ᠴᠤᠪᠤᠭᠤ ᠭᠡᠳᠡᠭ ᠨᠢ ᠭᠡᠷᠡᠭ᠃ ᠬᠤᠷᠠᠭ᠎ᠠ ᠨᠢ ᠬᠡᠵᠢᠶᠡᠨᠡᠢ ᠦᠭᠡᠢ ᠠᠮᠠᠳᠠᠴᠢᠬᠠᠭᠰᠠᠨ ᠲᠡᠷᠡ ᠬᠤᠯᠠ ᠠᠴᠠ ᠡᠬᠡ ᠪᠠᠨ ᠲᠠᠭᠠᠭᠠᠳ ᠠᠵᠢᠭ ᠴᠦ ᠦᠭᠡᠢ ᠭᠠᠳᠠᠨ᠎ᠠ ᠢᠷᠡᠴᠢᠬᠡᠳᠡᠭ᠃   ᠮᠠᠯ ᠪᠡᠯᠴᠢᠬᠡᠷ ᠠᠴᠠ ᠡᠷᠬᠢᠴᠢᠭᠡᠭᠰᠡᠨ ᠦᠶ᠎ᠡ ᠳᠤ ᠬᠤᠨᠢ ᠬᠤᠷᠠᠭᠠᠯᠠᠪᠠᠯ ᠬᠤᠷᠠᠭ᠎ᠠ ᠡᠬᠦᠷᠬᠦ ᠭᠡᠴᠡᠬᠦᠦ ᠠᠵᠢᠯ ᠤᠨᠤᠭᠳᠠᠨ᠎ᠠ᠃ ᠬᠤᠷᠠᠭ᠎ᠠ ᠶᠡᠭᠡ ᠬᠦᠨᠳᠦ᠃ ᠭᠤᠷᠪᠠ ᠠᠴᠠ ᠬᠡᠳᠦᠷᠡᠪᠡᠯ ᠡᠬᠦᠷᠴᠦ ᠲᠠᠭᠠᠭᠠᠭᠳᠠᠬᠤ ᠪᠠᠨ ᠪᠤᠯᠢᠨ᠎ᠠ᠃ ᠲᠤᠯᠠᠭᠠᠨ ᠡᠳᠦᠷ ᠲᠠᠭᠠᠷᠠᠪᠠᠯ ᠶᠠᠭᠠᠬᠢᠬᠤ ᠪᠤᠢ᠃ ᠬᠤᠷᠠᠭ᠎ᠠ ᠨᠢ ᠲᠦᠩᠬᠡᠵᠦ ᠬᠦᠯ ᠲᠡᠭᠡᠷ᠎ᠡ ᠪᠠᠨ ᠪᠤᠰᠤᠩᠭᠤᠳᠠ ᠠᠮᠠᠳᠠᠭᠤᠯᠤᠨ᠎ᠠ᠃ ᠡᠬᠡ ᠶᠢᠨ ᠢᠶᠠᠨ ᠬᠠᠯᠠᠭᠤᠨ ᠰᠦ ᠪᠠᠷ ᠠᠮᠠᠳᠠᠭᠰᠠᠨ ᠬᠤᠷᠠᠭ᠎ᠠ ᠪᠠᠷᠤᠭᠳᠠᠢ ᠳᠤ ᠪᠡᠭᠡᠷᠡᠬᠦ ᠦᠭᠡᠢ᠃ ᠦᠰᠦ ᠨᠢ ᠪᠤᠷᠴᠠᠭᠯᠠᠭᠰᠠᠨ ᠴᠦ ᠡᠬᠡ ᠶᠢᠨ ᠢᠶᠠᠨ ᠬᠤᠷᠠᠭᠠᠰᠢᠬᠤ ᠲᠠᠭᠤᠨ ᠢᠶᠠᠷ ᠬᠦᠴᠦ ᠠᠪᠴᠤ᠂ ᠪᠤᠳᠠ ᠪᠤᠳᠠᠷᠭᠠᠨ᠎ᠠ ᠲᠡᠭᠡᠬᠦᠷ ᠲᠤᠬᠤᠨ ᠤᠨᠠᠵᠤ ᠲᠤᠰᠴᠤ ᠪᠠᠶᠢᠭᠰᠠᠨ ᠴᠦ ᠰᠠᠯᠳᠤᠷᠬᠢᠯᠠᠨ ᠪᠤᠰᠤᠭᠠᠳ ᠡᠵᠢ ᠶᠢᠨ ᠢᠶᠠᠨ ᠪᠤᠷᠪᠢᠨ ᠳᠤ ᠵᠡᠬᠦᠭᠳᠡᠨ ᠠᠵᠢᠭ ᠦᠭᠡᠢ ᠬᠤᠳᠠᠨ ᠳᠠᠭᠠᠨ ᠢᠷᠡᠴᠢᠬᠡᠳᠡᠭ᠃ ᠬᠠᠷᠢᠨ ᠬᠦᠢᠳᠡᠨ ᠡᠳᠦᠷ ᠲᠠᠭᠠᠷᠠᠪᠠᠯ ᠬᠤᠷᠠᠭ᠎ᠠ ᠡᠬᠦᠷᠬᠦ ᠬᠡᠴᠡᠬᠦᠦ ᠠᠵᠢᠯ ᠬᠠᠶᠢᠷ᠎ᠠ ᠨᠠᠶᠢᠷ ᠦᠭᠡᠢ ᠪᠠᠭᠤᠨ᠎ᠠ ᠳ᠋ᠠ᠃ ᠠᠮᠢᠳᠤ ᠠᠮᠢᠳᠠᠨ ᠠᠷᠪᠠᠨ ᠠᠷᠭ᠎ᠠ ᠲᠠᠢ ᠭᠡᠭᠴᠢ ᠪᠠᠷ ᠨᠠᠳᠠ ᠪᠠᠰᠠ ᠠᠷᠭ᠎ᠠ ᠪᠤᠢ᠃ ᠬᠤᠶᠠᠷ ᠭᠤᠷᠪᠠ ᠪᠠᠷ ᠨᠢ ᠨᠢᠬᠡ ᠲᠤᠭᠤᠶᠢᠯᠠᠩ ᠪᠤᠯᠭᠠᠨ ᠬᠤᠶᠠᠷ ᠬᠤᠪᠢᠶᠠᠵᠤ ᠤᠭᠤᠳᠠᠯᠠᠭᠠᠳ ᠬᠤᠷᠠᠭ᠎ᠠ ᠪᠡᠭᠡᠷᠡᠴᠢᠬᠡᠬᠦ ᠪᠠᠷ ᠦᠭᠡᠢ ᠤᠶᠢᠷᠠᠬᠠᠨ ᠵᠠᠢ ᠳᠤ ᠨᠢᠬᠡ ᠲᠤᠭᠤᠶᠢᠯᠠᠩ ᠢ ᠨᠦᠬᠦᠭᠡ ᠲᠤᠭᠤᠶᠢᠯᠠᠩ ᠢᠶᠠᠷ ᠨᠢ ᠲᠠᠪᠠᠭᠤᠯᠤᠨ ᠴᠤᠪᠤᠷᠠᠭᠤᠯᠵᠤ ᠵᠦᠬᠡᠬᠡᠨ᠎ᠡ᠃ ᠲᠠᠰᠢᠷᠠᠮ ᠳᠤᠨᠢ ᠬᠠᠷᠢᠭᠤᠯᠤᠭᠰᠠᠨ ᠮᠠᠯ ᠢᠶᠠᠨ ᠴᠤᠭᠯᠠᠭᠤᠯᠬᠤ᠂ ᠬᠤᠷᠠᠭᠠᠨ ᠳᠠᠭᠠᠨ ᠰᠦᠵᠢᠷᠡᠭᠰᠡᠨ ᠬᠤᠨᠢᠳ ᠤᠨ ᠲᠦᠷᠦᠬᠦᠦ ᠶᠢ ᠲᠠᠷᠤᠵᠤ ᠲᠤᠭᠳᠠᠭᠠᠬᠤ ᠠᠵᠢᠯ ᠢ ᠪᠠᠰᠠ ᠠᠮᠵᠢᠭᠤᠯᠬᠤ ᠬᠡᠷᠡᠭᠳᠡᠢ᠃ ᠡᠨᠡ ᠬᠤᠭᠤᠷᠤᠨᠳᠤ ᠤᠭᠤᠳᠠ ᠲᠠᠢ ᠬᠤᠷᠠᠭ᠎ᠠ ᠨᠤᠭᠤᠳ ᠴᠦ ᠲᠤᠯᠠᠭᠠᠴᠠᠵᠤ ᠵᠠᠪᠳᠤᠳᠠᠭ᠃ ᠤᠭᠤᠳᠠ ᠲᠠᠢ ᠬᠤᠷᠠᠭ᠎ᠠ᠂ ᠬᠠᠷᠢᠭᠤᠯᠤᠭᠰᠠᠨ ᠮᠠᠯ ᠤᠨ ᠲᠤᠮᠳᠠ ᠬᠦᠶᠦᠨ ᠱᠤᠭᠰᠢᠶ᠎ᠠ ᠪᠠᠷ ᠲᠠᠪᠠᠷᠠᠭᠠᠭᠰᠠᠨ ᠮᠢᠨᠦ ᠬᠦᠯᠦᠰᠦ ᠡᠬᠡᠪᠦᠷ ᠭᠠᠵᠠᠷ ᠤᠨ ᠬᠠᠶᠢᠯ ᠤᠨ ᠤᠰᠤ ᠰᠢᠭ ᠤᠷᠤᠰᠳᠠᠭ ᠪᠠᠶᠢᠯ᠎ᠠ ᠭᠡᠵᠤ ᠲᠡᠬᠡᠬᠦᠯᠬᠦ ︵ᠬᠡᠳᠦᠷᠡᠬᠦᠯᠬᠦ︶᠎ ᠳᠤ ᠪᠤᠯᠬᠤ ᠪᠢᠵᠡ⁈   ᠡᠵᠢ ᠬᠦᠯᠦᠰᠦ ᠲᠠᠭᠠᠭᠠᠪᠦᠷᠢᠯᠠᠨ ᠠᠭᠤᠷ ᠪᠠᠭᠠᠬᠢᠭᠰᠠᠨ ᠲᠤᠬᠤ ᠶᠢ ᠮᠢᠨᠢ ᠦᠨᠦᠰᠦᠭᠡᠳ᠄ ︽ᠮᠢᠨᠦ ᠬᠡᠦᠬᠡᠨ ᠬᠦᠳᠡᠯᠮᠦᠷᠢᠴᠢ ᠪᠦᠭᠡᠳ ᠮᠠᠯᠴᠢ᠂ ᠪᠡᠶ᠎ᠡ ᠪᠠᠨ ᠲᠡᠵᠢᠬᠡᠬᠦ ᠠᠷᠭᠠᠴᠠᠯ ᠲᠠᠢ ᠬᠦᠮᠦᠨ ᠪᠤᠯᠬᠤ ᠨᠢ᠃ ᠮᠠᠯ ᠳᠤ ᠬᠠᠶᠢᠷᠠᠳᠠᠢ᠂ ᠬᠦᠳᠡᠯᠮᠦᠷᠢ ᠳᠤ ᠲᠤᠷᠠᠳᠠᠢ ᠬᠦᠮᠦᠨ ᠪᠠᠶᠠᠨ ᠴᠠᠳᠬᠤᠯᠠᠩ ᠠᠮᠢᠳᠤᠷᠠᠬᠤ ᠦᠭᠡᠢ ᠶᠠᠭᠠᠬᠢᠬᠤ ᠪᠤᠢ︕︾ ᠭᠡᠵᠤ ᠤᠷᠮ᠎ᠠ ᠶᠢᠨ ᠦᠬᠡ ᠪᠠᠷ ᠱᠠᠩᠨᠠᠨ᠂ ᠬᠦᠳᠡᠯᠮᠦᠷᠢ ᠶᠢᠨ ᠤᠷᠢᠶ᠎ᠠ ᠪᠠᠷ ᠲᠠᠶᠢᠴᠢᠯᠠᠨ᠎ᠠ᠃   ᠬᠦᠳᠡᠯᠮᠦᠷᠢ ᠶᠢᠨ ᠤᠷᠢᠶ᠎ᠠ ᠲᠠᠢ᠂ ᠲᠦᠯ ᠤᠨ ᠱᠠᠬᠢᠶᠠᠨ ᠲᠠᠢ ᠬᠠᠪᠤᠷ ᠡ ᠭᠡᠵᠤ ᠠᠮᠢᠳᠤᠷᠠᠯ ᠤᠨ ᠴᠢᠪᠬᠠᠳᠠᠰᠤ ᠲᠠᠢ ᠮᠦᠩᠬᠡ ᠶᠢᠨ ᠲᠤᠷᠠᠰᠤᠮᠵᠢ ᠪᠤᠶᠤ︕
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号