ᠪᠤᠯᠤᠳ ᠪᠢᠷ
ᠨᠡᠶᠢᠲᠡᠯᠡᠭᠰᠡᠨ ᠴᠠᠭ᠄
2024/4/23
   ᠥᠬᠢᠨ ᠤ ᠮᠢᠨᠢ ᠰᠤᠷᠭᠠᠭᠤᠯᠢ ᠨᠢ ᠴᠤᠭᠯᠠᠬᠤ ᠪᠤᠯᠤᠭᠰᠠᠨ ᠲᠤᠯᠠ ᠲᠡᠭᠦᠨ ᠲᠠᠢ ᠬᠠᠮᠲᠤ ᠨᠤᠮ ᠤᠨ ᠳᠡᠯᠭᠡᠭᠦᠷ ᠢᠶᠠᠷ ᠶᠠᠪᠤᠵᠤ ᠪᠤᠯᠤᠳ ᠪᠢᠷ᠂ ᠬᠠᠷᠠᠨᠳᠠ᠂ ᠱᠤᠭᠤᠮ ᠁ ᠵᠡᠷᠭᠡ ᠪᠢᠴᠢᠭ ᠤᠨ ᠬᠡᠷᠡᠭᠰᠡᠯ ᠤᠳ ᠢ ᠦᠵᠡᠯ᠎ᠡ᠃ ᠤᠳᠤ ᠶᠢᠨ ᠪᠢᠷ ᠪᠡᠬᠡᠰ ᠤᠤᠯ ᠤᠨ ᠬᠢ ᠶᠢ ᠪᠤᠳᠤᠪᠠᠯ ᠪᠦᠷ ᠰᠠᠶᠢᠬᠠᠨ ᠪᠤᠯᠴᠢᠬᠠᠵᠠᠢ᠃ ᠳᠡᠯᠭᠡᠭᠦᠷ ᠤᠨ ᠰᠢᠯᠦᠨ ᠯᠠᠩᠭᠦᠢ ᠳᠤ ᠵᠡᠷᠭᠡᠯᠡᠭᠦᠯᠦᠨ ᠲᠠᠯᠪᠢᠭᠰᠠᠨ ᠥᠩᠭᠡ ᠥᠩᠭᠡ ᠶᠢᠨ ᠪᠤᠯᠤᠳ ᠪᠢᠷ ᠢ ᠬᠠᠷᠠᠭᠠᠳ ᠡᠷᠬᠡ ᠦᠭᠡᠢ ᠪᠠᠭ᠎ᠠ ᠨᠠᠰᠤ ᠪᠠᠨ ᠰᠠᠨᠠᠪᠠ᠃   ᠤᠳᠤ ᠠᠴᠠ ᠭᠤᠴᠢᠨ ᠵᠢᠯ ᠤᠨ ᠡᠮᠦᠨ᠎ᠡ ᠠᠷᠪᠠᠲᠠᠢ ᠪᠢ ᠬᠤᠰᠢᠭᠤᠨ ᠤ ᠨᠢᠭᠡᠳᠦᠭᠡᠷ ᠪᠦᠷᠢᠨ ᠪᠠᠷᠠᠭᠠᠲᠤ ᠳᠡᠯᠭᠡᠭᠦᠷ ᠤᠨ ᠯᠠᠩᠭᠦᠢ ᠪᠠᠷ ᠮᠥᠨ ᠢᠩᠭᠢᠵᠦ ᠱᠤᠬᠤᠭᠤᠷᠬᠠᠨ ᠪᠠᠶᠢᠵᠤ ᠪᠢᠯᠡ᠃ ᠲᠡᠷᠡ ᠦᠶ᠎ᠡ ᠳᠤ ᠪᠤᠯᠤᠳ ᠪᠢᠷ ᠢ ᠮᠥᠨ ᠳᠡᠯᠭᠡᠭᠦᠷ ᠤᠨ ᠯᠠᠩᠭᠦᠢ ᠳᠤ ᠵᠡᠷᠭᠡᠯᠡᠭᠦᠯᠦᠨ ᠲᠠᠯᠪᠢᠳᠠᠭ ᠴᠤ ᠤᠳᠤ ᠶᠢᠨ ᠰᠢᠭ ᠡᠶᠢᠮᠦ ᠥᠩᠭᠡ ᠢᠯᠭᠠᠷᠠᠮ᠎ᠠ ᠪᠢᠰᠢ᠂ ᠬᠠᠷ᠎ᠠ᠂ ᠨᠤᠭᠤᠭᠠᠨ᠂ ᠴᠠᠭᠠᠨ ᠭᠤᠷᠪᠠᠭ᠋ᠠᠨ ᠥᠩᠭᠡ ᠶᠢᠨ ᠪᠤᠯᠤᠳ ᠪᠢᠷ ᠪᠠᠶᠢᠭᠰᠠᠨ ᠰᠢᠭ ᠰᠠᠨᠠᠭᠳᠠᠵᠤ ᠪᠠᠶᠢᠨ᠎ᠠ᠃ ᠪᠢ ᠭᠤᠷᠪᠠᠳᠤᠭᠠᠷ ᠤᠨ ᠤ ᠰᠤᠷᠤᠭᠴᠢ ᠪᠤᠯᠤᠭᠰᠠᠨ ᠲᠤᠯᠠ ᠪᠠᠭᠰᠢ ᠪᠤᠯᠤᠳ ᠪᠢᠷ ᠬᠡᠷᠡᠭᠯᠡᠵᠦ ᠪᠤᠯᠤᠨ᠎ᠠ ᠭᠡᠰᠡᠨ᠃ ᠳᠡᠯᠭᠡᠭᠦᠷ ᠤᠨ ᠯᠠᠩᠭᠦᠢ ᠲᠤᠳᠤᠷᠠᠬᠢ ᠰᠤᠷᠤᠭᠴᠢ ᠶᠢᠨ ᠬᠡᠷᠡᠭᠯᠡᠳᠡᠭ ᠪᠤᠯᠤᠳ ᠪᠢᠷ ᠤᠨ ᠤᠯᠠᠩᠬᠢ ᠨᠢ ᠨᠢᠭᠡ ᠲᠥᠭᠦᠷᠢᠭ ᠪᠤᠶᠤ ᠲᠥᠭᠦᠷᠢᠭ ᠲᠠᠪᠢ᠃ ᠪᠢ ᠨᠢᠭᠡ ᠲᠥᠭᠦᠷᠢᠭ ᠭᠠᠷᠭᠠᠵᠤ ᠭᠦᠨ ᠨᠤᠭᠤᠭᠠᠨ ᠥᠩᠭᠡᠲᠡᠢ ᠪᠤᠯᠤᠳ ᠪᠢᠷ ᠠᠴᠠ ᠨᠢᠭᠡ ᠶᠢ ᠠᠪᠴᠤ᠂ ᠬᠥᠭᠡ ᠥᠩᠭᠡᠲᠡᠢ ᠪᠤᠳᠤᠭ ᠠᠴᠠ ᠨᠢᠭᠡ ᠯᠤᠩᠬᠤ ᠠᠪᠤᠪᠠ᠃ ᠮᠠᠨ ᠤ ᠠᠩᠭᠢ ᠶᠢᠨ ᠨᠥᠬᠦᠳ ᠤᠨ ᠤᠯᠠᠩᠬᠢ ᠨᠢ ᠮᠥᠨ ᠨᠠᠳᠠ ᠲᠠᠢ ᠠᠳᠠᠯᠢᠬᠠᠨ ᠪᠤᠯᠤᠳ ᠪᠢᠷ ᠬᠡᠷᠡᠭᠯᠡᠵᠦ ᠡᠬᠢᠯᠡᠭᠰᠡᠨ ᠴᠤ ᠪᠤᠯᠤᠳ ᠪᠢᠷ ᠲᠠᠢ ᠯᠤᠩᠬᠤ ᠲᠠᠢ ᠪᠠᠷᠢᠯᠳᠤᠭᠠᠳ ᠪᠤᠳᠤᠭ ᠢᠶᠠᠨ ᠠᠰᠬᠠᠬᠤ᠂ ᠪᠤᠯᠤᠳ ᠪᠢᠷ ᠤᠨ ᠢᠶᠠᠨ ᠦᠵᠦᠭᠦᠷ ᠢ ᠬᠤᠭᠤᠯᠬᠤ᠂ ᠪᠤᠯᠤᠳ ᠪᠢᠷ ᠢᠶᠠᠨ ᠭᠠᠵᠠᠷ ᠪᠤᠯᠭᠠᠨ ᠳᠤ ︽ᠪᠠᠭᠠᠭᠠᠯᠭᠠᠬᠤ︾ ᠵᠡᠷᠭᠡ ᠪᠠᠷ ᠰᠢᠷᠦ᠋ᠢᠳᠠᠵᠠᠭᠠᠵᠤ ᠪᠠᠶᠢᠪᠠ᠃ᠤᠯᠳᠠᠭᠰᠠᠨ ᠪᠤᠯᠤᠳ ᠪᠢᠷ ᠮᠢᠨᠢ ᠬᠢᠮᠲᠠᠬᠠᠨ ᠡᠳ᠋ ᠪᠤᠯᠬᠤᠷ ᠪᠢᠴᠢᠵᠦ ᠪᠢᠴᠢᠵᠦ ᠪᠠᠶᠢᠲᠠᠯ᠎ᠠ ᠪᠤᠳᠤᠭ ᠨᠢ ᠪᠠᠷᠠᠴᠢᠬᠠᠭᠠᠳ ᠲᠠᠰᠤᠷᠠᠴᠢᠬᠠᠵᠤ ᠲᠥᠪᠡᠭᠳᠡᠬᠦᠯᠦᠨ᠎ᠡ᠃ ᠠᠩᠬ᠎ᠠ ᠳᠤᠮᠳᠠᠳᠤ ᠳᠤ ᠪᠠᠶᠢᠬᠤ ᠳᠤ ᠰᠢᠷᠡᠭᠡᠨ ᠤ ᠨᠠᠶᠢᠵᠠ ᠮᠢᠨᠢ ᠨᠠᠷᠢᠬᠠᠨ ᠴᠡᠪᠡᠷ ᠭᠠᠷᠳᠠᠭ ᠮᠥᠷᠲᠡᠭᠡᠨ ᠪᠤᠳᠤᠭ ᠨᠢ ᠬᠠᠳᠠᠵᠤ ᠲᠠᠰᠤᠷᠠᠳᠠᠭ ᠦᠭᠡᠢ ᠭᠤᠶᠤ ᠪᠤᠯᠤᠳ ᠪᠢᠷ ᠲᠠᠢ ᠪᠠᠶᠢᠪᠠ᠃ ᠦᠨ᠎ᠡ ᠶᠢ ᠨᠢ ᠰᠤᠷᠠᠪᠠᠯ ᠨᠢᠮᠠᠨ ᠲᠥᠭᠦᠷᠢᠭ ᠭᠡᠵᠦ ᠪᠢᠯᠡ᠃ ᠪᠢ ᠴᠤ ᠲᠡᠶᠢᠮᠦ ᠪᠢᠷ ᠲᠠᠢ ᠪᠤᠯᠬᠤ ᠪᠠᠷ ᠲᠠᠰᠤ ᠰᠶᠢᠳᠴᠦ᠂ ᠦᠳᠡ ᠶᠢᠨ ᠬᠤᠭᠤᠯᠠ᠂ ᠰᠤᠯᠠ ᠵᠠᠷᠤᠳᠠᠯ ᠮᠥᠩᠭᠦ ᠪᠠᠨ ᠠᠷᠪᠢᠯᠠᠭᠰᠠᠭᠠᠷ ᠪᠠᠶᠢᠭᠠᠳ ᠬᠤᠶᠠᠷ ᠰᠠᠷ᠎ᠠ ᠶᠢᠨ ᠳᠠᠷᠠᠭ᠎ᠠ ᠥᠨᠥᠬᠢ ᠪᠢᠷ ᠢ ᠠᠪᠤᠪᠠ᠃ ᠦᠨᠡᠭᠡᠷ ᠨᠠᠷᠢᠨ ᠭᠠᠷᠳᠠᠭ ᠮᠥᠷᠲᠡᠭᠡᠨ ᠪᠤᠳᠤᠭ ᠨᠢ ᠲᠠᠰᠤᠷᠠᠳᠠᠭ ᠦᠭᠡᠢ — ᠭᠡᠪᠡᠴᠦ ᠪᠢᠴᠢᠭᠰᠡᠨ ᠦᠰᠦᠭ ᠨᠢ ᠪᠠᠰᠠ ᠲᠡᠳᠦᠢ ᠰᠠᠶᠢᠬᠠᠨ ᠬᠠᠷᠠᠭᠳᠠᠭᠰᠠᠨ ᠦᠭᠡᠢ᠃ ᠰᠠᠶᠢᠨ ᠪᠤᠯᠤᠳ ᠪᠢᠷ ᠴᠢᠬᠤᠯᠠ ᠭᠡᠬᠦᠯᠡᠷ ᠰᠠᠶᠢᠬᠠᠨ ᠪᠢᠴᠢᠬᠦ ᠡᠷᠳᠡᠮ ᠨᠡᠩ ᠴᠢᠬᠤᠯᠠ ᠰᠠᠨᠵᠠᠢ᠃   ᠤᠳᠤ ᠪᠤᠳᠤᠬᠤ ᠳᠤ ᠥᠨᠳᠥᠷ ᠳᠤᠮᠳᠠᠳᠤ ᠳᠤ ᠤᠷᠤᠭᠠᠳ ᠡᠨᠡ ᠨᠠᠰᠤᠨ ᠤ ᠪᠠᠨ ᠪᠤᠯᠤᠳ ᠪᠢᠷ ᠢᠶᠠᠷ ᠪᠢᠴᠢᠳᠡᠭ ᠦᠰᠦᠭ ᠤᠨ ᠢᠶᠠᠨ ᠬᠠᠭᠠᠰ ᠢ ᠨᠢ ᠪᠢᠴᠢᠭᠰᠡᠨ ᠪᠠᠶᠢᠵᠤ ᠮᠡᠳᠡᠬᠦ ᠶᠤᠮ᠃ ᠳᠤᠯᠤᠭ᠎ᠠ ᠨᠢᠮᠠᠨ ᠬᠢᠴᠢᠶᠡᠯ ᠲᠥᠷᠥᠯ ᠪᠦᠬᠦᠨ ᠤ ᠲᠡᠮᠳᠡᠭᠯᠡᠯ᠂ ᠳᠠᠰᠬᠠᠯ ᠬᠤᠶᠠᠷ ᠢ ᠪᠦᠷ ᠪᠤᠯᠤᠳ ᠪᠢᠷ ᠢᠶᠠᠷ ᠭᠦᠢᠴᠡᠳᠬᠡᠵᠦ ᠪᠠᠶᠢᠭᠰᠠᠨ ᠪᠦᠭᠡᠳ ᠵᠠᠪ ᠴᠢᠯᠦᠭᠡ ᠪᠠᠷ ᠢᠶᠠᠨ ᠨᠠᠶᠢᠵᠠ ᠨᠥᠬᠦᠳ᠂ ᠠᠪᠤ ᠡᠵᠢ᠂ ᠦᠵᠦᠭ ᠤᠨ ᠨᠠᠶᠢᠵᠠ ᠨᠠᠷ ᠲᠠᠭᠠᠨ ᠵᠠᠬᠢᠳᠠᠯ ᠪᠢᠴᠢᠵᠦ ᠪᠠᠶᠢᠭᠰᠠᠨ᠃ ᠡᠳᠦᠷ ᠪᠤᠯᠭᠠᠨ ᠪᠤᠯᠤᠳ ᠪᠢᠷ ᠠᠴᠠ ᠰᠠᠯᠵᠤ ᠪᠠᠶᠢᠭᠰᠠᠨ ᠦᠭᠡᠢ ᠭᠡᠪᠡᠯ ᠨᠢᠭᠡ ᠯᠡ ᠦᠭᠡ᠃ ᠭᠠᠷ ᠲᠠᠭᠠᠨ ᠳᠠᠭᠠᠷᠠᠭᠰᠠᠨ ᠪᠤᠯᠤᠳ ᠪᠢᠷ ᠤᠯᠤᠭᠠᠳ ᠴᠠᠭᠠᠰᠤᠨ ᠳᠡᠭᠡᠭᠦᠷ ᠳᠠᠪᠬᠢᠭᠤᠯᠬᠤ ᠨᠢ ᠮᠥᠨ ᠨᠢᠭᠡ ᠶᠤᠰᠤᠨ ᠤ ᠵᠤᠭᠠᠲᠠᠢ ᠶᠠᠪᠤᠳᠠᠯ ᠶᠤᠮ᠃ ᠤᠶᠤᠲᠠᠨ ᠪᠤᠯᠤᠭᠠᠳ ᠬᠠᠷᠢᠨ ᠪᠤᠯᠤᠳ ᠪᠢᠷ ᠢᠶᠠᠷ ᠪᠢᠴᠢᠬᠦ ᠮᠢᠨᠢ ᠴᠦᠬᠡᠷᠡᠵᠡᠢ᠃   ᠠᠵᠢᠯ ᠳᠤ ᠭᠠᠷᠤᠭᠠᠳ ᠪᠤᠯᠤᠳ ᠪᠢᠷ ᠬᠡᠷᠡᠭᠯᠡᠬᠦ ᠮᠢᠨᠢ ᠨᠡᠩ ᠴᠥᠬᠡᠷᠡᠪᠡ᠃ ᠤᠴᠢᠷ ᠨᠢ ᠠᠵᠢᠯ ᠤᠨ ᠢᠶᠠᠨ ᠤᠯᠠᠩᠬᠢ ᠶᠢ ᠨᠢ ᠺᠤᠮᠫᠢᠦ᠋ᠲᠤᠷ ᠢᠶᠠᠷ ᠪᠡᠶᠡᠯᠡᠭᠦᠯᠳᠡᠭ᠃ ᠭᠡᠪᠡᠴᠦ ᠪᠢ ᠥᠪᠡᠷ ᠢᠶᠠᠨ ᠪᠤᠯ ᠬᠦᠬᠡᠬᠤᠲᠠ ᠶᠢᠨ ᠰᠤᠶᠤᠯ ᠤᠨ ᠵᠠᠬ᠎ᠠ᠂ ᠥᠪᠥᠷ ᠮᠤᠩᠭᠤᠯ ᠤᠨ ᠶᠡᠭᠡ ᠰᠤᠷᠭᠠᠭᠤᠯᠢ ᠶᠢᠨ ᠵᠡᠭᠦᠨ ᠡᠭᠦᠳᠡᠨ ᠤ ᠳᠡᠨᠲᠡ ᠪᠠᠶᠢᠳᠠᠭ ᠪᠤᠯᠤᠳ ᠪᠢᠷ ᠬᠤᠳᠠᠯᠳᠤᠳᠠᠭ ᠳᠡᠯᠭᠡᠭᠦᠷ ᠢᠶᠠᠷ ᠪᠠᠶᠢᠩᠭᠤ ᠶᠠᠪᠤᠳᠠᠭ᠃ ᠤᠴᠢᠬᠤ ᠪᠤᠯᠭᠠᠨ ᠲᠡᠨᠳᠡᠬᠢ ᠬᠦᠮᠦᠰ ᠲᠠᠢ ᠪᠤᠯᠤᠳ ᠪᠢᠷ ᠤᠨ ᠲᠤᠬᠠᠢ ᠶᠠᠷᠢᠵᠤ᠂ ᠪᠤᠯᠤᠳ ᠪᠢᠷ ᠬᠤᠳᠠᠯᠳᠤᠨ ᠠᠪᠳᠠᠭ᠃ ᠠᠩᠬ᠎ᠠ ᠡᠬᠢᠨ ᠳᠡᠭᠡᠨ ︽ᠪᠠᠭᠠᠲᠤᠷ︾ ᠲᠡᠮᠳᠡᠭᠲᠦ ᠪᠤᠯᠤᠳ ᠪᠢᠷ ᠰᠢᠨ᠎ᠡ ᠪᠥᠲᠥᠭᠡᠭᠲᠡᠭᠦᠨ ᠭᠠᠷᠪᠠᠯ ᠪᠢᠴᠢᠵᠦ ᠦᠵᠡᠳᠡᠭ ᠪᠦᠭᠡᠳ ᠲᠠᠭᠠᠯᠠᠭᠳᠠᠭᠰᠠᠨ ᠪᠢᠷ ᠢᠶᠠᠨ ᠳᠠᠷᠦ᠋ᠢᠬᠠᠨ ᠠᠪᠳᠠᠭ᠃ ᠠᠪᠤᠭᠰᠠᠭᠠᠷ ᠪᠠᠶᠢᠲᠠᠯ᠎ᠠ ᠠᠷᠪᠠᠨ ᠬᠡᠳᠦᠨ ᠵᠢᠯ ᠤᠨ ᠲᠤᠷᠰᠢ ᠠᠷᠪᠠᠭᠠᠳ ︽ᠪᠠᠭᠠᠲᠤᠷ︾᠎ ᠲᠠᠢ ᠪᠤᠯᠵᠠᠢ᠃ ᠪᠢᠷ ᠲᠠᠢ ᠪᠤᠯᠤᠯ᠎ᠠ ᠭᠡᠳ ᠲᠡᠷᠡ ᠳᠤᠤᠷ᠎ᠠ ᠨᠢ ᠠᠪᠴᠤ ᠬᠡᠷᠡᠭᠯᠡᠭᠡ ᠦᠭᠡᠢ᠂ ᠴᠡᠪᠡᠷᠯᠡᠵᠦ ᠠᠷᠴᠢᠭᠠᠳ ᠬᠤᠷᠭᠤᠨ ᠳᠠᠭᠠᠨ ᠬᠢᠵᠦ ᠬᠠᠳᠠᠭᠠᠯᠠᠳᠠᠭ᠃ ᠭᠠᠷᠠᠭ ᠤᠨ ᠠᠮᠠᠷᠠᠯᠲᠠ ᠪᠤᠶᠤ ᠰᠡᠯᠡᠭᠦᠦ ᠴᠠᠭ ᠢᠶᠠᠷ ᠥᠨᠥᠬᠢ ᠪᠢᠷ ᠤᠳ ᠢᠶᠠᠨ ᠭᠠᠷᠭᠠᠵᠤ ᠦᠵᠡᠨ᠎ᠡ᠂ ᠬᠠᠮᠢᠭ᠎ᠠ ᠠᠴᠠ ᠬᠤᠳᠠᠯᠳᠤᠨ ᠠᠪᠤᠭᠰᠠᠨ ᠵᠡᠷᠭᠡ ᠪᠠᠨ ᠤᠷᠮᠠᠲᠠᠶᠢᠬᠠᠨ ᠡᠷᠭᠢᠴᠡᠭᠦᠯᠦᠨ᠎ᠡ᠃ ᠬᠡᠳᠦᠨ ᠪᠤᠯᠤᠳ ᠪᠢᠷ ᠲᠠᠢ ᠪᠤᠯᠤᠭᠠᠳ ᠥᠪᠡᠷ ᠢ ᠪᠠᠨ ︽ᠪᠠᠶᠠᠨ︾ ᠪᠤᠯᠤᠭᠰᠠᠨ ᠢᠶᠠᠷ ᠪᠤᠳᠤᠳᠠᠭ ᠢᠶᠠᠨ ᠦᠵᠡᠭᠦᠯ᠎ᠡ ᠪᠢ ᠮᠥᠨ ᠯᠡ ᠬᠥᠭᠡᠷᠦᠬᠦᠢ ᠪᠢᠴᠢᠭ ᠤᠨ ᠬᠦᠮᠦᠨ ᠠᠵᠤᠭᠤ᠃ ᠰᠡᠭᠦᠯᠡᠷ ᠨᠢ ᠪᠠᠰᠠ ᠠᠮᠤᠷᠢᠺᠡ ᠬᠢᠴᠡᠲᠡᠢ᠂ ᠭᠦ᠋ᠷᠮᠠᠨ ᠬᠢᠴᠡᠲᠡᠢ᠂ ᠶᠠᠫᠤᠨ ᠬᠢᠴᠡᠲᠡᠢ ᠬᠡᠳᠦᠨ ᠪᠢᠷ ᠢ ᠲᠤᠭᠤᠵᠤ ᠠᠪᠳᠠᠭ ᠪᠤᠯᠪᠠ᠃ ᠭᠡᠬᠦ ᠳᠡᠭᠡᠨ ᠲᠡᠳᠡᠭᠡᠷ ᠪᠤᠯᠤᠳ ᠪᠢᠷ ᠮᠢᠨᠢ ᠠᠯᠲᠠ ᠮᠥᠩᠭᠦ ᠪᠠᠷ ᠬᠢᠭᠰᠡᠨ᠂ ︽ᠪᠢᠷ︾ ᠭᠡᠬᠦ ᠨᠡᠷ᠎ᠡ ᠠᠴᠠ ᠪᠠᠨ ᠳᠠᠪᠠᠭᠰᠠᠨ ᠶᠠᠭᠤᠮ᠎ᠠ ᠪᠠᠶᠢᠬᠤ ᠦᠭᠡᠢ᠂ ᠪᠦᠷ ᠯᠡ ᠦᠰᠦᠭ ᠪᠢᠴᠢᠬᠦ ᠬᠡᠷᠡᠭᠰᠡᠯ᠃ ᠪᠢ ᠪᠢᠷ ᠢ ᠰᠤᠪᠤᠳ ᠡᠷᠳᠡᠨᠢ ᠰᠢᠭᠢᠳᠬᠡᠨ ᠬᠢᠬᠦ ᠠᠳᠠᠯ ᠳᠤ ᠶᠠᠭ ᠳᠤᠷ᠎ᠠ ᠦᠭᠡᠢ᠂ ᠪᠢᠷ ᠭᠡᠬᠦ ᠨᠡᠷ᠎ᠡ ᠵᠢᠭᠠᠭᠰᠠᠨ ᠵᠦᠢᠯ ᠦᠭᠡᠷ᠎ᠡ ᠶᠠᠭᠤᠮ᠎ᠠ ᠪᠤᠯᠴᠢᠬᠠᠬᠤ ᠪᠠᠷ ᠤᠳᠬ᠎ᠠ ᠤᠷᠠᠯᠢᠭ ᠠᠴᠠ ᠬᠤᠯᠠᠳᠠᠭᠠᠳ ᠠᠯᠲᠠ ᠮᠥᠩᠬᠦ ᠪᠤᠯᠴᠢᠬᠠᠭᠰᠠᠨ ᠮᠡᠲᠦ᠃   ᠪᠢ ᠪᠠᠰᠠ ᠬᠡᠳᠦᠨ ᠨᠠᠶᠢᠵᠠ ᠳᠠᠭᠠᠨ ᠪᠤᠯᠤᠳ ᠪᠢᠷ ᠪᠡᠯᠡᠭᠯᠡᠵᠦ ᠪᠠᠶᠢᠭᠰᠠᠨ᠃ ᠭᠡᠬᠦ ᠳᠡᠭᠡᠨ ᠶᠠᠮᠠᠷ ᠴᠤ ︽ᠡᠷᠳᠡᠨᠢ︾ ᠪᠤᠯᠭᠠᠵᠤ ᠥᠭᠭᠦᠭᠰᠡᠨ ᠦᠭᠡᠢ᠂ ᠭᠠᠷ ᠤᠨ ᠠᠶ᠎ᠠ ᠪᠠᠷ ᠢᠶᠠᠨ ᠪᠢᠴᠢᠳᠡᠭ ᠶᠠᠭᠤᠮ᠎ᠠ ᠪᠠᠨ ᠪᠢᠴᠢᠬᠦ ᠶᠢᠨ ᠡᠷᠬᠡ ᠴᠢᠯᠦᠭᠡ ᠶᠢ ᠡᠳ᠋ᠯᠡᠭᠦᠯᠬᠦ ᠭᠡᠳ ᠲᠡᠭᠡᠭᠰᠡᠨ ᠶᠤᠮ᠃ ᠲᠦᠷᠦᠭᠦᠦ ᠬᠡᠳᠦᠨ ᠡᠳᠦᠷ ᠨᠢᠭᠡ ᠨᠠᠶᠢᠵᠠ ᠲᠠᠢ ᠪᠠᠨ ᠪᠤᠯᠤᠳ ᠪᠢᠷ ᠤᠨ ᠲᠤᠬᠠᠢ ᠵᠤᠭᠤᠭᠳᠠᠬᠤ ᠳᠤ ᠲᠡᠷᠡ ᠬᠤᠷᠢᠭᠠᠳ ᠵᠢᠯ ᠤᠨ ᠲᠤᠷᠰᠢ ᠭᠠᠭᠴᠠᠬᠠᠨ ᠪᠤᠯᠤᠳ ᠪᠢᠷ ᠢ ᠬᠡᠷᠡᠭᠯᠡᠵᠦ ᠪᠠᠶᠢᠨ᠎ᠠ᠂ ᠭᠠᠷ ᠲᠠᠢ ᠮᠢᠨᠢ ᠭᠠᠷ ᠪᠤᠯᠴᠢᠬᠠᠭᠰᠠᠨ ᠭᠡᠵᠦ ᠪᠢᠯᠡ᠃ ᠪᠤᠯᠤᠳ ᠪᠢᠷ ᠢ ᠬᠡᠷᠡᠭᠯᠡᠬᠦ ᠲᠤᠰᠤᠮ ᠢᠶᠠᠨ ᠭᠠᠷ ᠤᠨ ᠠᠶ᠎ᠠ ᠪᠠᠷ ᠪᠤᠯᠵᠤ ᠢᠷᠡᠳᠡᠭ ᠭᠡᠵᠦ ᠬᠡᠨ ᠨᠢᠭᠡᠨ ᠤ ᠰᠡᠴᠡᠯᠡᠭᠰᠡᠨ ᠨᠢ ᠶᠠᠭ ᠵᠥᠪ ᠠᠵᠢ᠃ ᠭᠡᠪᠡᠴᠦ ᠡᠶᠢᠮᠦ ᠪᠤᠯ ᠡᠨᠡ ᠨᠠᠰᠤᠨ ᠳᠠᠭᠠᠨ ᠬᠡᠳᠦᠬᠡᠨ ᠪᠤᠯᠤᠳ ᠪᠢᠷ ᠡᠳ᠋ᠯᠡᠵᠦ ᠠᠮᠵᠢᠨ᠎ᠠ ᠳᠠ ᠭᠡᠵᠦ ᠪᠤᠳᠤᠭᠠᠳ ᠡᠨᠡ ᠶᠠᠪᠤᠭ᠎ᠠ ᠨᠠᠰᠤ ᠪᠠᠨ ᠴᠢᠮᠠᠯᠠᠮᠠᠷ ᠪᠤᠯᠵᠤ ᠪᠢᠯᠡ᠃   ︵︽ᠥᠪᠥᠷ ᠮᠤᠩᠭᠤᠯ ᠤᠨ ᠡᠮᠡᠭᠲᠡᠶᠢᠴᠦᠳ︾ ᠰᠡᠳᠬᠦᠯ ᠠᠴᠠ ᠰᠤᠩᠭᠤᠪᠠ︶
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号