ᠮᠣᠩᠭᠤᠯᠴᠤᠳ ᠤᠨ ᠬᠤᠯᠠ ᠣᠶᠢᠷ᠎ᠠ ᠶᠢ ᠬᠡᠮᠵᠢᠶᠡᠯᠡᠳᠡᠭ ᠶᠣᠰᠣ
ᠨᠡᠶᠢᠲᠡᠯᠡᠭᠰᠡᠨ ᠴᠠᠭ᠄
2024/4/2
  ᠮᠣᠩᠭᠤᠯᠴᠤᠳ ᠪᠠᠶ᠎ᠠ ᠶᠢᠨ ᠡᠷᠬᠡᠲᠡᠨ ᠢᠶᠠᠷ ᠤᠷᠳᠤ ᠶᠢᠨ ᠬᠡᠮᠵᠢᠶ᠎ᠡ ᠶᠢ ᠬᠡᠮᠵᠢᠵᠤ ᠦᠯᠤ ᠴᠢᠳᠠᠬᠤ ᠨᠠᠯᠢᠶᠠᠳ ᠬᠤᠯᠠ ᠵᠠᠢ ᠶᠢ ᠠᠮᠢᠳᠤᠷᠠᠯ ᠠᠬᠤᠢ ᠳᠤ ᠦᠷᠬᠦᠯᠵᠢ ᠲᠠᠭᠠᠷᠠᠯᠳᠤᠬᠤ ᠬᠠᠮᠤᠭ ᠤᠨ ᠦᠢᠯᠠᠭᠠᠮᠵᠢᠳᠠᠢ ᠵᠦᠢᠯ ᠢᠶᠠᠷ ᠵᠦᠢᠷᠯᠡᠨ ᠢᠯᠡᠳᠬᠡᠳᠡᠭ ᠪᠠᠶᠢᠨ᠎ᠠ᠃ ᠲᠤᠬᠠᠢ ᠶᠢᠨ ᠦᠶ᠎ᠠ ᠶᠢᠨ ᠨᠡᠭᠦᠳᠡᠯ ᠤᠨ ᠬᠡᠮᠵᠢᠶ᠎ᠠ ᠪᠠᠷ ︽ᠨᠡᠭᠦᠳᠡᠯ ᠤᠨ ᠭᠠᠵᠠᠷ︾ ᠬᠡᠬᠦ ᠪᠤᠶᠤ ᠡᠩ ᠤᠨ ᠨᠢᠳᠤ ᠪᠠᠷ ᠬᠠᠷᠠᠬᠳᠠᠬᠤ ᠶᠢᠨ ᠲᠠᠳᠤᠢ ᠵᠠᠢ ᠪᠠᠷ ᠵᠦᠢᠴᠢᠯᠠᠨ ︽ᠨᠢᠬᠡ ᠪᠠᠷ᠎ᠠ ᠶᠢᠨ ᠭᠠᠵᠠᠷ︾᠂ ︽ᠨᠢᠳᠤᠨ ᠪᠠᠷ᠎ᠡ ᠶᠢᠨ ᠭᠠᠵᠠᠷ︾ ᠬᠡᠬᠦ ᠮᠠᠳᠤ ᠪᠠᠷ ᠨᠠᠷᠠᠯᠠᠨ᠎ᠠ᠃ ᠨᠠᠩ ᠴᠢᠨᠠᠬᠰᠢᠯᠠᠨ ︽ᠬᠤᠨᠢᠨ ᠤ ᠪᠠᠯᠴᠢᠬᠡᠷ︾᠂ ︽ᠠᠳᠤᠭᠤᠨ ᠤ ᠪᠠᠯᠴᠢᠬᠡᠷ︾ ᠬᠡᠬᠦ ᠮᠠᠳᠤ ᠪᠠᠷ ᠵᠦᠢᠴᠢᠯᠠᠨ ᠬᠡᠯᠡᠳᠡᠭ ᠪᠢᠯᠡ᠃ ᠬᠤᠯᠠ ᠤᠢᠢᠷ᠎ᠡ ᠶᠢᠨ ᠬᠡᠮᠵᠢᠶ᠎ᠠ ᠨᠢ ᠤᠷᠳᠤ ᠶᠢᠨ ᠬᠡᠮᠵᠢᠶ᠎ᠡ ᠶᠢᠨ ᠨᠢᠬᠡ ᠵᠦᠢᠯ ᠮᠦᠨ᠃ ᠮᠤᠩᠭᠤᠯ ᠠᠷᠠᠳ ᠤᠨ ᠵᠠᠩ ᠵᠢᠷᠤᠮ ᠳᠤ ᠨᠤᠳᠤᠭ ᠤᠰᠤ᠂ ᠠᠶᠠᠨ ᠵᠠᠮ ᠤᠨ ᠤᠷᠳᠤ ᠶᠢ ᠬᠤᠯᠠ ᠤᠢᠢᠷ᠎ᠡ ᠬᠡᠵᠤ᠂ ᠡᠳ᠋ ᠪᠠᠷᠠᠭ᠎ᠠ᠂ ᠪᠠᠭᠠᠵᠢ ᠬᠡᠷᠡᠭᠰᠡᠯ ᠤᠨ ᠤᠷᠳᠤ ᠶᠢ ᠤᠷᠳᠤ ᠪᠤᠭᠤᠨᠢ ᠬᠡᠵᠤ ᠢᠯᠭᠠᠳᠠᠬ᠃ ᠲᠡᠭᠦᠨᠴᠢᠯᠡᠨ ᠡᠨᠡ ᠬᠤᠶᠠᠷ ᠵᠦᠢᠯ ᠳᠤ ᠬᠡᠷᠡᠭᠯᠡᠳᠡᠭ ᠬᠡᠮᠵᠢᠬᠦᠷ᠂ ᠬᠡᠮᠵᠢᠳᠡᠭ ᠠᠷᠭ᠎ᠠ ᠴᠤ ᠠᠳᠠᠯᠢ ᠪᠤᠰᠤ ᠪᠠᠶᠢᠳᠠᠭ᠃ ᠤᠷᠳᠤ ᠤᠬᠤᠷ ᠢ ᠭᠤᠤᠯᠳᠠᠭᠤ ᠪᠠᠶ᠎ᠠ ᠶᠢᠨ ᠡᠷᠬᠡᠳᠠᠨ ᠪᠤᠶᠤ ᠲᠤᠰᠬᠠᠢ ᠬᠡᠮᠵᠢᠬᠦᠷ ᠢᠶᠠᠷ ᠵᠢᠱᠢᠶᠠᠯᠠᠨ ᠬᠡᠮᠵᠢᠳᠡᠭ ᠪᠤᠯ ᠬᠤᠯᠠ ᠤᠢᠢᠷ᠎ᠡ ᠶᠢ ᠭᠤᠤᠯᠳᠠᠭᠤ ᠨᠢᠳᠤᠨ ᠤ ᠬᠠᠷᠠᠭᠠᠨ ᠤ ᠪᠠᠷᠢᠮᠵᠢᠶ᠎ᠠ᠂ ᠴᠠᠭ ᠬᠤᠭᠤᠴᠠᠭ᠎ᠠ ᠪᠠ ᠠᠶᠠᠨ ᠵᠢᠩ ᠤᠨ ᠶᠠᠪᠤᠳᠠᠯ ᠰᠠᠭᠤᠳᠠᠯ ᠤᠨ ᠪᠠᠷᠢᠮᠵᠢᠶ᠎ᠠ ᠵᠠᠷᠬᠡ ᠪᠠᠷ ᠵᠢᠱᠢᠶᠠᠯᠠᠨ ᠬᠡᠮᠵᠢᠳᠡᠭ᠃ ᠢᠩᠬᠢᠵᠤ ᠬᠡᠮᠵᠢᠬᠦ ᠳᠤ ᠭᠠᠵᠠᠷ ᠨᠢ ᠰᠠᠭᠤᠷᠢ ᠪᠠᠷᠢᠮᠵᠢᠶ᠎ᠠ ᠪᠤᠯᠵᠤ᠂ ᠲᠠᠬᠦᠨ ᠤ ᠳᠡᠭᠡᠷ᠎ᠡ ᠠᠳᠤᠭᠤ ᠮᠠᠯ ᠤᠨ ᠪᠠᠯᠴᠢᠬᠡᠷ᠂ ᠠᠶᠠᠨ ᠨᠠᠬᠦᠳᠠᠯ ᠤᠨ ᠵᠠᠢ᠂ ᠡᠳᠦᠷ ᠤᠨ ᠨᠠᠷᠠᠨ ᠤ ᠤᠷᠴᠢᠯ ᠢᠶᠠᠷ ᠵᠢᠱᠢᠶᠠᠯᠠᠨ ᠤᠯᠠᠨ ᠬᠡᠮᠵᠢᠬᠦᠷ ᠭᠠᠷᠭᠠᠳᠠᠭ᠃ ᠡᠳᠠᠬᠡᠷ ᠬᠡᠮᠵᠢᠬᠦ ᠨᠢ ᠮᠣᠩᠭᠤᠯ ᠤᠨ ᠤᠯᠠᠨ ᠨᠤᠳᠤᠭ᠂ ᠶᠠᠰᠤᠳᠠᠨ ᠤ ᠲᠤᠮᠳᠠ ᠲᠡᠳᠦᠢ ᠨᠢᠭᠡᠳᠦᠯᠲᠡᠢ ᠪᠢᠰᠢ᠂ ᠠᠵᠤ ᠠᠬᠤᠢ᠂ ᠤᠷᠴᠢᠨ ᠲᠤᠭᠤᠷᠢᠨ᠂ ᠴᠠᠭ ᠠᠭᠤᠷ᠂ ᠵᠠᠩ ᠠᠭᠠᠯᠢ ᠵᠠᠷᠬᠡ ᠵᠦᠷᠢᠶ᠎ᠠ ᠠᠴᠠ ᠪᠤᠯᠵᠤ ᠲᠠᠳᠠᠬᠡᠷ ᠤᠨ ᠤᠳᠬ᠎ᠠ ᠬᠡᠮᠵᠢᠶ᠎ᠠ ᠪᠦᠷ ᠠᠳᠠᠯᠢ ᠪᠤᠰᠤ ᠪᠠᠶᠢᠵᠤ᠂ ᠡᠯ᠎ᠠ ᠨᠤᠳᠤᠭ᠂ ᠶᠠᠰᠤᠳᠠᠨ ᠤ ᠬᠤᠭᠤᠷᠤᠠᠳᠤ ᠡᠳᠤᠢ ᠲᠠᠳᠤᠢ ᠵᠦᠷᠢᠶ᠎ᠠ ᠲᠠᠢ ᠪᠠᠶᠢᠳᠠᠭ᠃ ᠡᠬᠦᠳᠠᠨ ᠬᠤᠶᠢᠮᠤᠷ᠄ 30 — 50 ᠳ᠋ᠧᠼᠢᠮᠧᠳ᠋ᠷ ᠪᠤᠶᠤ 3 — 5 ᠠᠯᠴᠠᠮ ᠵᠠᠢ ᠶᠢ ᠬᠡᠯᠡᠳᠡᠭ᠃ ᠮᠣᠩᠭᠤᠯ ᠭᠡᠷ ᠤᠨ ᠡᠭᠦᠳᠦᠨ ᠠᠴᠠ ᠡᠭᠴᠠ ᠡᠰᠠᠷᠬᠦ ᠬᠠᠨ᠎ᠠ ᠬᠦᠷᠬᠦ ︵ᠬᠤᠶᠢᠮᠤᠷ ᠬᠦᠷᠬᠦ︶ ᠵᠠᠢ᠃ ᠡᠬᠦᠳᠠᠨ ᠬᠤᠶᠢᠮᠤᠷ ᠨᠢ ᠬᠠᠨ᠎ᠠ ᠶᠢᠨ ᠲᠤᠭ᠎ᠠ ᠪᠠ ᠶᠡᠭᠡ ᠪᠠᠭ᠎ᠠ ᠠᠴᠠ ᠰᠢᠯᠳᠠᠭᠠᠯᠠᠵᠤ ᠠᠳᠠᠯᠢ ᠪᠤᠰᠤ ᠪᠠᠶᠢᠳᠠᠭ ᠪᠤᠯᠪᠠᠴᠤ ᠬᠡᠮᠵᠢᠬᠦᠷ ᠤᠨ ᠬᠤᠪᠢ ᠳᠤ ︽ᠡᠬᠦᠳᠠᠨ ᠬᠤᠶᠢᠮᠤᠷ︾ ᠬᠡᠭᠴᠢ ᠨᠢ ᠭᠤᠤᠯᠳᠠᠭᠤ ᠭᠠᠵᠠᠷ ᠤᠨ ᠭᠠᠳᠠᠷᠭᠤ ᠲᠠᠬᠡᠷᠠᠬᠢ ᠵᠠᠢ ᠶᠢ ᠬᠡᠮᠵᠢᠳᠡᠭ ᠬᠡᠮᠵᠢᠭᠦᠷ ᠪᠣᠯᠣᠨ᠎ᠠ᠃ ᠴᠤᠯᠪᠤᠭᠤᠷ ᠬᠦᠷᠦᠮ᠎ᠡ ᠵᠠᠢ᠄ ᠪᠠᠷᠤᠬ 25 ᠳ᠋ᠧᠼᠢᠮᠧᠳ᠋ᠷ ᠪᠤᠶᠤ ᠠᠯᠳᠠ ᠬᠠᠭᠠᠰ ᠤᠨ ᠬᠢᠷᠢᠳᠠᠢ ᠵᠠᠢ ᠶᠢ ᠬᠡᠯᠠᠨ᠎ᠠ᠃ ᠨᠤᠬᠳᠤ ᠶᠢᠨ ᠴᠤᠯᠪᠤᠭᠤᠷ ᠢ ᠰᠤᠩᠭᠠᠬᠰᠠᠨ ᠤ ᠬᠢᠷᠢ ᠵᠠᠢ᠃ ᠵᠠᠯᠠᠨ ᠤ ᠬᠢᠷᠢ᠄ 7 — 10 ᠮᠧᠲᠷ ᠪᠤᠶᠤ 2 — 3 ᠬᠤᠤᠰ ᠠᠯᠳᠠ ᠵᠠᠢ᠃ ᠤᠨᠤᠭ᠎ᠠ ᠮᠤᠷᠢ ᠤᠶᠠᠬᠤ᠂ ᠲᠤᠭᠤᠯ ᠪᠢᠷᠠᠭᠤ ᠲᠠᠳᠠᠬᠤ ᠳᠤ ᠬᠡᠷᠡᠭᠯᠡᠳᠡᠭ ᠵᠠᠯ᠎ᠠ ᠶᠢᠨ ᠲᠠᠬᠡᠰᠤᠨ ᠤ ᠬᠡᠮᠵᠢᠶ᠎ᠠ ᠪᠠᠷ ᠵᠢᠱᠢᠨ ᠬᠡᠮᠵᠢᠳᠡᠭ ᠤᠷᠳᠤ ᠶᠢᠨ ᠬᠡᠮᠵᠢᠶ᠎ᠠ᠃ ᠮᠤᠩᠭᠤᠯᠴᠤᠳ ᠦᠷᠬᠦᠯᠵᠢ ︽ᠵᠠᠯᠠᠨ ᠤ ᠬᠢᠷᠢ ᠬᠤᠯᠠ︾ ᠭᠡᠵᠦ ᠬᠡᠯᠡᠳᠡᠭ᠃ ᠪᠢᠯᠠᠭᠤ ᠰᠢᠳᠠᠮ ᠤᠨ ᠭᠠᠵᠠᠷ᠄ ᠪᠠᠷᠤᠬ 20 ᠮᠧᠳ᠋ᠷ ᠲᠠᠢ ᠲᠠᠩᠴᠠᠬᠦᠤ ᠪᠤᠶᠤ 6 ᠬᠤᠣᠰ ᠠᠯᠳᠠ ᠣᠷᠴᠢᠮ ᠵᠠᠢ ᠶᠢ ᠵᠢᠭᠠᠳᠠᠬ᠃ ᠪᠠᠶ᠎ᠠ ᠠᠴᠠ ᠪᠢᠯᠠᠭᠤ ᠶᠢ ᠴᠤᠬᠢᠭᠠᠳ ᠲᠤᠰᠤᠬᠰᠠᠨ ᠵᠠᠢ᠃ ᠮᠤᠩᠭᠤᠯᠴᠤᠳ ᠠᠪᠠ ᠠᠶᠠᠨ ᠳᠤ ᠬᠡᠬᠡᠷ᠎ᠡ ᠬᠦᠳᠡᠭᠡ ᠶᠠᠪᠤᠬᠤ ᠳᠤ ᠪᠠᠨ ᠮᠠᠬᠢᠷ ᠦᠵᠤᠬᠦᠷ ᠲᠤ ᠪᠠᠨ ᠵᠠᠰ ᠭᠠᠤᠯᠢ ᠪᠠᠷ ᠴᠢᠳᠬᠤᠭᠰᠠᠨ ᠳᠡᠭᠦᠵᠢᠩ ᠲᠠᠢ ᠰᠢᠳᠠᠮ ᠪᠠᠷᠢᠵᠤ ᠶᠠᠪᠤᠳᠠᠭ᠂ ᠡᠭᠦᠨ ᠢ ᠪᠢᠯᠠᠭᠤ ᠭᠡᠨ᠎ᠡ᠃ ᠠᠩ ᠠᠷᠢᠶᠠᠳᠠᠨ ᠢ ᠴᠤᠬᠢᠬᠤ ᠳᠤ ᠬᠡᠷᠡᠭᠯᠡᠳᠡᠭ᠃ ᠠᠷᠭᠠᠮᠵᠢᠶ᠎ᠠ ᠶᠢᠨ ᠭᠠᠵᠠᠷ᠄ 50 — 100 ᠮᠧᠲᠷ ᠵᠠᠶᠢᠳᠠᠢ᠃ ᠬᠡᠷ ᠪᠠ ᠮᠠᠯ ᠠᠷᠭᠠᠮᠵᠢᠬᠰᠠᠨ ᠭᠠᠵᠠᠷ ᠤᠨ ᠬᠤᠭᠤᠷᠤᠠᠳᠤᠬᠢ ᠵᠠᠢ᠃ ᠮᠤᠩᠭᠤᠯᠴᠤᠳ ᠠᠳᠤᠭᠤ ᠮᠠᠯ ᠢ ᠠᠷᠭᠠᠮᠵᠢᠨ ᠠᠷᠠᠴᠢᠯᠠᠬᠤ ᠳᠤ ᠪᠠᠨ ᠶᠠᠷᠤ ᠳᠤ ᠪᠠᠨ ᠬᠡᠷ ᠪᠠᠭᠤᠴᠠ ᠠᠴᠠ ᠤᠢᠢᠷ᠎ᠡ᠂ ᠨᠢᠳᠤᠨ ᠬᠠᠷᠠᠭᠠᠨ ᠳᠤ ᠢᠯᠡ ᠭᠠᠵᠠᠷ ᠠᠷᠭᠠᠮᠵᠢᠳᠠᠭ᠃ ᠠᠷᠭᠠᠮᠵᠢᠶ᠎ᠠ ᠶᠢᠨ ᠭᠠᠵᠠᠷ ᠬᠡᠵᠤ ᠬᠤᠯᠠ ᠤᠢᠢᠷ᠎ᠡ ᠶᠢ ᠪᠠᠷᠤᠬᠴᠠᠭᠠᠯᠠᠬᠰᠠᠨ ᠬᠡᠮᠵᠢᠬᠦᠷ ᠪᠤᠯᠬᠤ ᠶᠢᠨ ᠬᠠᠮᠳᠤ ᠪᠠᠰᠠ ᠭᠠᠵᠠᠷ ᠤᠨ ᠵᠠᠢ ᠶᠢ ᠬᠤᠯᠠ ᠪᠢᠰᠢ᠂ ᠡᠨᠠᠬᠦᠬᠡᠨ ᠳᠤ ᠬᠡᠵᠤ ᠴᠢᠮᠠᠯᠠᠨ ᠪᠠᠰᠤᠬᠰᠠᠨ ᠤᠳᠬ᠎ᠠ ᠲᠠᠢ ᠪᠠᠶᠢᠳᠠᠭ᠃ ᠨᠤᠮᠤᠨ ᠤ ᠭᠠᠵᠠᠷ᠄ ᠪᠠᠷᠤᠬ 215 ᠮᠧᠲᠷ ᠲᠠᠢ ᠲᠠᠩᠴᠠᠬᠦᠤ ᠪᠤᠶᠤ 130 ᠠᠯᠳᠠ ᠤᠷᠴᠢᠮ᠃ ᠰᠤᠮᠤ ᠶᠢ ᠬᠠᠷᠪᠤᠭᠠᠳ ᠬᠦᠷᠬᠦ᠋ᠢᠴᠠ ᠵᠠᠢ᠃ ᠡᠨᠡ ᠨᠢ ᠨᠤᠮᠤ ᠰᠤᠮᠤᠨ ᠤ ᠪᠦᠳᠤᠴᠠ ᠡᠳ᠋ᠯᠠᠯ ᠪᠠ ᠬᠠᠷᠪᠤᠬᠤ ᠬᠦᠮᠤᠨ ᠤ ᠪᠢᠷ᠎ᠡ ᠴᠢᠳᠠᠯ ᠤᠨ ᠠᠳᠠᠯᠢ ᠪᠤᠰᠤ ᠳᠤ ᠬᠤᠯᠪᠤᠬᠳᠠᠬᠤ ᠠᠳᠠᠯᠢ ᠪᠤᠰᠤ ᠬᠡᠮᠵᠢᠶ᠎ᠠ ᠬᠡᠳᠡᠭ ᠪᠤᠯᠪᠠᠴᠤ ᠦᠠᠳᠤᠰᠤᠨ ᠳᠤ ᠪᠠᠨ ᠤᠢᠢᠷᠠᠯᠴᠠᠭ᠎ᠠ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号