ᠠᠬᠠᠮᠠᠳ ᠵᠤᠬᠢᠶᠠᠯᠴᠢ ᠪᠦᠭᠡᠳ ᠰᠤᠶᠤᠯ ᠤᠷᠠᠯᠢᠭ ᠤᠨ ᠲᠡᠤᠬᠡ ᠰᠤᠲᠤᠯᠤᠭᠠᠴᠢ ᠡᠷᠲᠡᠮᠲᠡᠨ ᠬᠡᠰᠢᠭᠮᠡᠩᠯᠠᠢ | ᠨᠠᠰᠤᠲᠠᠨ ᠤ ᠲᠤᠮᠤᠬᠠᠨ ᠪᠦᠲᠤᠭᠡᠯ ᠪᠤᠯᠬᠤ ︽ᠬᠦᠪᠡᠭᠡᠲᠤ ᠰᠢᠷ᠎ᠠ ᠤᠩᠭᠤᠨ ᠬᠤᠨᠢᠴᠢᠨ ᠤ ᠲᠡᠤᠬᠡᠨ ᠲᠤᠪᠴᠢᠶᠠᠠ︾ | ᠳᠤ ᠭᠡᠨᠲᠤᠨᠫᠤᠩᠰᠤᠭ ᠡᠮᠴᠢ ᠶᠢᠨ ᠲᠣᠬᠠᠢ ᠲᠠᠨᠢᠯᠴᠠᠭᠤᠯᠬᠤ ᠳᠠᠭᠠᠨ᠄ ︽ᠬᠠᠷᠠᠬᠠᠨ ᠪᠠᠭ᠎ᠠ ᠠᠴᠠ ᠪᠠᠨ ᠤᠩᠭᠤᠨ | ᠬᠤᠨᠢᠴᠢᠨ ᠤ ᠭᠤᠷᠪᠠᠲᠤᠭᠠᠷ ᠰᠤᠮᠤᠨ ᠤ ᠰᠢᠲᠤᠭᠡᠨ ᠰᠦᠮ᠎ᠡ ᠪᠣᠯᠬᠣ᠋ ᠤᠩᠭᠤᠨ ᠲᠡᠯᠭᠡᠷ ᠰᠦᠮ᠎ᠡ ᠳᠤ ᠱᠠᠪᠢᠯᠠᠨ | ᠰᠠᠭᠤᠵᠤ᠂ ᠲᠤᠬᠠᠢ ᠶᠢᠨ ᠦᠶ᠎ᠡ ᠶᠢᠨ ᠠᠯᠲᠠᠷᠲᠤ ᠡᠮᠴᠢ ᠰᠡᠷᠡᠨᠳᠢᠸᠠ᠂ ᠭᠤᠮᠪᠤᠰᠦᠷᠤᠩ ᠨᠡᠷ ᠠᠴᠠ ᠮᠠᠷᠠᠮᠪᠠ ᠶᠢᠨ | ᠰᠤᠷᠭᠠᠯ ᠬᠦᠷᠲᠡᠵᠤ᠂ ᠮᠤᠩᠭᠤᠯ ᠠᠨᠠᠭᠠᠬᠤ ᠤᠬᠠᠭᠠᠨ ᠤ ᠡᠷᠲᠡᠮ ᠮᠡᠷᠭᠡᠵᠢᠯ ᠢ ᠶᠡᠬᠡᠲᠡ ᠴᠢᠷᠮᠠᠶᠢᠨ ᠰᠤᠷᠴᠤ᠂ | ᠨᠠᠯᠢᠶᠠᠳ ᠪᠦᠷᠢᠨ ᠲᠦᠬᠦᠷ ᠡᠵᠡᠮᠰᠢᠭᠰᠡᠨ ᠢᠶᠠᠷ ᠪᠦᠷ ᠰᠡᠬᠦᠯᠲᠡᠵᠤ ᠢᠷᠡᠭᠡᠳ ᠨᠤᠲᠤᠭ ᠤᠰᠤᠨ ᠳᠠᠭᠠᠨ ᠨᠡᠷ᠎ᠡ | ᠠᠯᠲᠠᠷᠰᠢᠭ᠍ᠰᠡᠨ ᠮᠣᠩᠭᠤᠯ ᠡᠮᠴᠢ ᠢᠢᠨ ᠨᠢᠭᠡ ᠪᠣᠯᠵᠤ ᠴᠤᠯᠭᠤᠷᠠᠨ᠂ ᠢᠯᠠᠩᠭᠤᠶ᠎ᠠ ᠡᠯᠢᠭᠡ ᠬᠤᠲᠤᠭᠤᠲᠤᠨ ᠤ | ᠡᠪᠡᠳᠴᠢᠨ ᠢ ᠡᠮᠴᠢᠯᠡᠨ ᠵᠠᠰᠠᠬᠤ ᠳᠠᠭᠠᠨ ᠤᠨᠴᠡ ᠮᠡᠷᠭᠡᠵᠢᠯ ᠲᠠᠢ ᠪᠤᠯᠵᠤ᠂ ᠲᠦᠮᠡᠨ ᠤᠯᠠᠨ ᠤ ᠪᠠᠨ ᠢᠲᠡᠭᠡᠯ | ᠪᠢᠰᠢᠷᠡᠯ ᠢ ᠶᠠᠭᠠᠬᠢᠬᠤ ᠶᠢᠨ ᠠᠷᠭ᠎ᠠ ᠦᠭᠡᠢ ᠤᠯᠵᠣ ᠪᠠᠶᠢᠭᠰᠠᠨ ᠶᠤᠮ︾ ᠭᠡᠵᠤ ᠲᠡᠮᠲᠡᠭᠯᠡᠭᠰᠡᠨ ᠪᠢᠯᠡ᠃ | ᠶᠠᠭᠤ ᠴᠤ ᠭᠡᠰᠡᠨ ᠭᠡᠨᠲᠦᠨᠫᠣᠩᠰᠤᠬ ᠪᠣᠯ ︽ᠡᠮᠴᠢ ᠬᠦᠮᠤᠨ︾ ᠤ ᠲᠡᠷᠬᠠᠨ ᠠᠯᠲᠠᠷ ᠢ ︽ᠲᠠᠶᠠᠩ ᠤᠨ | ᠰᠤᠨᠤᠷ ᠲᠤ ᠲᠠᠭᠤᠷᠢᠰᠲᠠᠯᠠ ᠲᠦᠮᠡᠨ ᠤ ᠰᠡᠳᠭᠢᠯ ᠳᠤ ᠬᠤᠨᠤᠭᠰᠢᠲᠠᠯᠠ︾ ᠲᠥᠪ ᠶᠡᠬᠡᠮᠰᠦᠭ ᠠᠪᠴᠤ ᠭᠠᠷᠤᠭᠰᠠᠨ | ᠦᠤᠬᠡ ᠲᠡᠤᠬᠡ ᠲᠠᠢ ᠬᠦᠮᠤᠨ ᠤ ᠨᠢᠭᠡ ᠪᠢᠯᠡ᠃ ᠡᠨᠡ ᠬᠦ ᠠᠬᠠᠮᠠᠳ ᠪᠤᠭᠤᠷᠤᠯ ᠢ ᠠᠮᠢᠳᠤ ᠰᠡᠷᠡᠬᠦᠨ ᠪᠠᠶᠢᠬᠤ ᠳᠤᠨᠢ | ᠰᠣᠷᠪᠣᠯᠵᠢᠯᠠᠨ ᠲᠡᠮᠲᠡᠭᠯᠡᠵᠦ ᠴᠢᠲᠠᠭᠰᠠᠨ ᠦᠭᠡᠢ ᠳᠡᠭᠡᠨ ᠤᠲᠤ ᠴᠤ ᠭᠡᠳ ᠪᠢ ᠬᠠᠷᠠᠮᠰᠠᠵᠦ ᠦᠪᠡᠷ ᠢ ᠪᠠᠨ ᠵᠢᠮᠡᠯᠡᠲᠡᠭ | ᠃ | ᠭᠡᠨᠲᠦᠨᠫᠣᠩᠰᠤᠬ ᠡᠮᠴᠢ ᠶᠢ ᠨᠤᠲᠤᠭ ᠤᠨ ᠬᠢᠨᠢ ᠪᠦᠷ ︽ᠭᠡ᠊ ᠮᠠᠮᠠ︾ ᠭᠡᠵᠤ ᠲᠠᠭᠤᠲᠠᠲᠠᠭ᠃ ᠡᠪᠡᠳᠴᠢᠲᠡᠨ | ᠤᠯᠠᠨ ᠢ ᠠᠶᠤᠯ ᠠᠴᠠ ᠠᠪᠤᠷᠠᠵᠤ ᠨᠤᠲᠤᠭ ᠤᠨ ᠲᠦᠮᠡᠨ ᠳᠡᠭᠡᠨ ᠪᠤᠶᠠᠨ ᠤ ᠶᠡᠭᠡ ᠤᠢᠢᠯᠡ ᠮᠦᠷ ᠲᠠᠢ ᠶᠠᠪᠤᠵᠤ | ᠢᠷᠡᠭᠰᠡᠨ ᠭᠡ᠊ ᠮᠠᠮᠠ ᠶᠢᠨ ᠲᠤᠬᠠᠢ ᠶᠠᠷᠢᠬᠤ ᠳᠤ ᠮᠢᠨᠤ ᠬᠤᠪᠢ ᠳᠤ ᠴᠤ ᠭᠡᠰᠡᠨ ᠬᠡᠤᠬᠡᠳ ᠪᠠᠶᠢᠬᠤ ᠳᠠᠭᠠᠨ ᠬᠤᠶᠠᠷ | ᠤᠲᠠᠭ᠎ᠠ ᠬᠦᠨᠲᠤ ᠡᠪᠡᠳᠴᠢᠯᠡᠵᠤ᠂ ᠪᠦᠷ ᠯᠠ ᠮᠠᠮᠡ ᠶᠢᠨ ᠰᠠᠶᠢᠨ ᠢᠢᠡᠷ ᠡᠮᠨᠡᠬᠦᠯᠵᠤ ᠵᠠᠰᠠᠭᠤᠯᠣᠭᠠᠳ ᠡᠪᠡᠳᠴᠢᠨ | ᠡᠮᠬᠡᠭ ᠤᠨ ᠤᠢᠢᠯᠡ ᠲᠠᠮᠤ ᠠᠴᠠ ᠰᠠᠯᠣᠬᠰᠠᠨ ᠤᠴᠢᠷ ᠠᠴᠠ ᠦᠨᠦ ᠲᠣᠷᠠᠰᠣᠨ ᠰᠠᠨᠠᠬᠤ ᠳᠤ ᠴᠤ ᠬᠡᠰᠡᠨ ᠰᠡᠳᠬᠢᠯ ᠳᠤ | ᠬᠠᠯᠠᠭᠤᠨ ᠲᠣᠲᠣᠨᠣ ᠰᠠᠨᠠᠭᠲᠠᠬᠤ ᠶᠣᠮ᠃ | ᠲᠡᠷᠡ ᠵᠢᠯ ᠤᠨ ᠬᠤᠤᠷᠲᠠᠯᠭᠠ ᠠᠴᠠ ᠪᠤᠯᠤᠭᠰᠠᠨ ᠡᠪᠡᠳᠴᠢᠨ ᠳᠤ ᠪᠦᠬᠦᠯᠢ ᠨᠢᠭᠡ ᠵᠢᠯ ᠲᠠᠷᠴᠢᠯᠠᠭᠠᠭᠲᠠᠨ ᠵᠤᠪᠠᠵᠤ | ᠰᠢᠨᠠᠯᠤᠭᠰᠠᠨ ᠢᠶᠠᠨ ᠪᠤᠲᠤᠬᠤ ᠳᠤ ᠦᠨᠡᠬᠡᠷ ︽ᠬᠤᠶᠢᠬ᠎ᠠ ᠶᠢᠨ ᠦᠰᠤ ᠪᠤᠰᠤᠮᠠᠷ︾᠃ ᠪᠦᠲᠤᠨ ᠨᠢᠭᠡ ᠵᠢᠯ ᠭᠡᠵᠦ | ᠬᠡᠯᠡᠬᠦ ᠳᠤ ᠠᠮᠠᠷᠬᠠᠨ ᠴᠤ ᠡᠪᠡᠳᠴᠤ ᠵᠤᠪᠠᠭᠰᠠᠨ ᠬᠦᠮᠤᠨ ᠳᠤ ᠠᠪᠴᠤ ᠬᠡᠯᠡᠪᠡᠯ ︽ᠠᠮᠢ ᠨᠠᠭᠠᠨ᠎ᠠ ᠲᠠᠮᠤ ᠴᠠᠭᠠᠨ᠎ᠠ︾ | ᠪᠣᠯᠵᠦ᠂ ︽ᠬᠠᠯᠠᠭᠤᠨ ᠲᠤᠭᠤᠭᠠᠨ ᠳᠤ ᠤᠷᠤᠭᠰᠠᠨ ᠰᠢᠷᠭᠤᠯᠵᠢ︾ ᠦᠬᠡᠷ᠎ᠡ ᠦᠭᠡᠢ ᠪᠣᠯᠣᠬᠰᠠᠨ ᠪᠢᠯᠡ᠃ ᠲᠡᠷᠡ | ᠦᠶ᠎ᠡ ᠶᠢᠨ ᠡᠮᠨᠡᠯᠭᠡ ᠶᠢᠨ ᠨᠦᠬᠦᠴᠡᠯ ᠢ ᠤᠲᠤ ᠶᠢᠨ ᠬᠢ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠦᠷᠢᠶ᠎ᠡ ᠲᠠᠢ᠃ | ᠤᠯᠠᠮᠵᠢᠯᠠᠯᠲᠤ ᠮᠤᠩᠭᠤᠯ ᠡᠮᠨᠡᠯᠭᠡ ᠶᠢᠨ ᠭᠠᠶᠢᠬᠠᠮᠰᠢᠭᠲᠤ ᠷᠢᠲᠢ ᠰᠢᠳᠢ ᠭᠡᠭᠴᠢ ᠬᠦᠮᠤᠨ ᠤ ᠮᠠᠬᠠᠪᠤᠳ ᠪᠡᠶ᠎ᠡ ᠶᠢᠨ ᠡᠰᠢ | ᠡᠷᠬᠡᠲᠡᠨ ᠤ ᠰᠤᠲᠤᠯᠭ᠎ᠠ ᠰᠢᠨᠵᠢᠯᠡᠭᠡᠨ ᠤ ᠤᠨᠤᠯ ᠶᠤᠰᠤ ᠢᠢ ᠠᠭᠤᠲᠠᠯᠣᠭᠰᠠᠨ ︽ᠲᠣᠯᠢ︾ ᠮᠡᠲᠦ ᠦᠪᠡᠷ ᠢ ᠴᠢᠨᠢ | ᠲᠣᠯᠢᠲᠠᠨ ᠦᠵᠡᠬᠦᠯᠵᠦ ᠴᠢᠲᠠᠲᠠᠭ ᠨᠢ ︽ᠬᠥᠬᠡ ᠮᠦᠩᠬᠦᠨ ᠲᠡᠭᠷᠢ ᠠᠪᠤ᠂ ᠬᠦᠷᠤᠰᠤᠲᠤ ᠠᠯᠲᠠᠨ ᠲᠡᠯᠡᠬᠡᠢ ᠡᠵᠢ︾ | ᠰᠢᠭ ᠪᠠᠶᠢᠭᠠᠯᠢ ᠵᠢᠷᠳᠢᠨᠴᠤ ᠲᠠᠢ ᠬᠠᠷᠢᠴᠠᠭ᠎ᠠ ᠬᠤᠯᠪᠤᠭ᠎ᠠ ᠲᠠᠢ ᠪᠠᠶᠢᠲᠠᠭ ᠮᠦᠩᠬᠡ ᠲᠡᠭᠷᠢ ᠶᠢᠨ ᠵᠠᠶ᠋ᠢᠭ ᠶᠤᠰᠤᠨ ᠤ | ᠤᠯᠪᠠᠭ᠎ᠠ ᠪᠦᠬᠦᠢ ᠢᠮ ᠲᠠᠮᠠᠭ᠎ᠠ ᠲᠠᠢ ᠴᠤ ᠪᠠᠶᠢᠭ᠎ᠠ ᠬᠡᠮᠡᠷ ᠰᠠᠨᠠᠭᠲᠠᠨ᠎ᠠ᠃ | ᠭᠡᠨᠲᠤᠨᠫᠤᠩᠰᠤᠭ ᠡᠮᠴᠢ ᠪᠠᠷ ᠡᠮᠴᠢᠯᠡᠬᠦᠯᠵᠤ ᠪᠡᠶ᠎ᠡ ᠰᠡᠳᠭᠢᠯ ᠤᠨ ᠲᠠᠷᠴᠢᠯᠠᠭᠠᠨ ᠠᠴᠠ ᠠᠶᠠᠷᠯᠠᠬᠰᠠᠨ | ᠡᠪᠡᠳᠴᠢᠲᠠᠨ ᠤ ᠲᠤᠬᠠᠢ ᠨᠠᠷᠢᠨ ᠶᠠᠷᠢᠬᠤ ᠳᠤ ᠲᠡᠬᠦᠨ ᠤ ᠭᠠᠷ ᠱᠠᠪᠢ ᠶᠢᠨ ᠨᠢᠭᠡ ᠪᠣᠯᠬᠣ᠋ ᠰᠡᠴᠡᠨᠪᠠᠭᠠᠲᠤᠷ ᠡᠮᠴᠢ ᠶᠢᠨ | ᠶᠠᠷᠢᠭᠰᠠᠨ ᠦᠭᠡ ᠰᠡᠳᠬᠢᠯ ᠳᠤ ᠬᠦᠨ ᠰᠠᠭᠤᠬᠰᠠᠨ ᠶᠣᠮ᠃ ᠰᠡᠴᠡᠨᠪᠠᠭᠠᠲᠣᠷ ᠬᠡᠯᠡᠬᠦ ᠳᠡᠭᠡᠨ᠄ ︽ᠮᠢᠨᠤ ᠡᠪᠤᠭᠡᠨ | ᠪᠠᠭᠰᠢ ᠴᠢᠨᠢ ᠴᠠᠬᠠᠷ ᠲᠡᠳᠦᠢ ᠦᠭᠡᠢ ᠰᠦᠨᠢᠳ ᠠᠪᠠᠭ᠎ᠠ ᠶᠢᠨ ᠨᠤᠲᠤᠭ ᠤᠰᠤ ᠪᠠᠷ ᠴᠤ ᠭᠡᠰᠡᠨ ᠨᠡᠷ᠎ᠡ ᠠᠯᠲᠠᠷ ᠢᠢᠡᠨ | ᠮᠠᠨᠲᠤᠭᠤᠯᠵᠤ ᠶᠠᠪᠤᠭᠰᠠᠨ ᠨᠡᠷᠡᠲᠤ ᠡᠮᠴᠢ᠃ ᠠᠯᠢ ᠡᠷᠲᠡ ᠲᠡᠭᠡᠷ᠎ᠡ ᠵᠠᠭᠤᠨ ᠤ ᠵᠢᠷᠠᠭᠠᠳ ᠤᠨ ᠳᠤ ᠭᠤᠷᠪᠠᠭ᠋ᠠᠨ ᠲᠤᠩ | ᠡᠮ ᠢᠢᠡᠷ ᠴᠢᠰᠤ ᠶᠡᠭᠡ ᠪᠠᠭᠤᠭᠰᠠᠨ ᠰᠦᠨᠢᠳ ᠤᠨ ᠨᠢᠭᠡᠨ ᠡᠮᠡᠭᠲᠡᠢ ᠶᠢᠨ ᠠᠮᠢ ᠶᠢ ᠠᠪᠤᠷᠠᠭᠠᠳ ︿ᠴᠠᠬᠠᠷ ᠤᠨ | ᠬᠦᠨᠲᠡᠯᠡᠨ ᠲᠤᠯᠤᠭᠠᠶᠢᠲᠤ ᠴᠢᠨᠢ ᠵᠠᠭᠤᠢ ᠰᠠᠶᠢᠨ ᠡᠮᠴᠢ ᠰᠢᠤ﹀ ᠭᠡᠰᠡᠨ ᠠᠯᠲᠠᠷ ᠴᠤᠯᠠ ᠲᠠᠢ ᠪᠤᠯᠤᠯ᠎ᠠ ᠭᠡᠲᠡᠭ᠃ | ᠪᠠᠭᠰᠢ ᠮᠢᠨᠢ ᠪᠦᠲᠤᠬᠦᠨ ᠬᠠᠲᠠᠭᠤᠨ ᠪᠡᠶ᠎ᠡ ᠲᠠᠢ᠂ ᠮᠦᠷᠤ ᠦᠷᠭᠡᠨ᠂ ᠬᠦᠮᠤᠰᠭᠡ ᠦᠳᠭᠡᠨ᠃ ᠲᠡᠷᠡ ᠮᠦᠷᠲᠡᠭᠡᠨ | ᠲᠤᠯᠤᠭᠠᠢ ᠨᠢ ᠨᠠᠯᠢᠶᠠᠳ ᠭᠡᠲᠡᠤ ᠶᠡᠬᠡᠲᠠᠢ ᠪᠤᠯᠬᠤᠷ ᠲᠦᠷᠦᠭᠰᠡᠨ ᠪᠡᠶ᠎ᠡ ᠶᠢᠨ ᠬᠢᠨᠢ ᠲᠦᠯᠤᠪ ᠰᠢᠨᠵᠢ ᠶᠢ ᠪᠠᠷᠢᠵᠤ᠂ | ᠬᠤᠩᠰᠢᠶᠠᠷ ᠠᠮᠠᠨ ᠳᠠᠭᠠᠨ ᠬᠤᠷᠴᠠ ︿ᠮᠡᠷᠭᠡᠨ ᠲᠤᠯᠤᠭᠠᠢ﹀ ᠨᠢ ᠲᠢᠭ ᠦᠭᠡᠶᠢᠷᠡᠵᠤ ᠠᠯᠢᠶᠠᠷᠬᠠᠬᠤ ᠳᠠᠭᠠᠨ | ᠪᠠᠭᠰᠢ ᠳᠤ ᠮᠢᠨᠢ ᠡᠶᠢᠮᠦ ᠬᠤᠴᠢ ᠨᠡᠷ᠎ᠡ ᠬᠠᠶᠢᠷᠠᠯᠠᠭᠰᠠᠨ ᠶᠣᠮ︾ ᠭᠡᠵᠤ ᠶᠠᠷᠢᠵᠦ ᠪᠠᠶᠢᠯ᠎ᠠ᠃ | ︽ᠴᠠᠬᠠᠷ ᠤᠨ ᠬᠦᠨᠲᠡᠯᠡᠨ ᠲᠣᠯᠤᠭᠠᠶᠢᠲᠤ︾ ᠬᠡᠬᠦ ᠠᠴᠠ ᠨᠢᠭᠡ ᠤᠲᠠᠭ᠎ᠠ ᠭᠡ᠊ ᠮᠠᠮᠠ ᠰᠦᠨᠢᠳ ᠨᠤᠲᠤᠭ ᠢᠢᠡᠷ | ᠵᠠᠯᠠᠭᠲᠠᠨ ᠡᠪᠡᠳᠴᠢᠨ ᠦᠵᠡᠵᠤ ᠪᠠᠶᠢᠬᠤ ᠲᠠᠢ ᠨᠢ ᠬᠠᠯᠵᠠ ᠲᠠᠭᠠᠷᠠᠯᠲᠤᠭᠰᠠᠨ ᠨᠢᠭᠡ ᠬᠦᠮᠤᠨ ᠭᠡᠨᠡᠳᠲᠡ᠄ ︽ | ᠴᠠᠬᠠᠷ ᠲᠤ ᠨᠢᠭᠡ ᠬᠦᠨᠲᠡᠯᠡᠨ ᠲᠤᠯᠤᠭᠠᠶᠢᠲᠤ ᠭᠡᠲᠡᠭ ᠨᠡᠯᠢᠶᠠᠳ ᠨᠡᠷ᠎ᠡ ᠲᠠᠢ ᠰᠠᠶᠢᠨ ᠡᠮᠴᠢ ᠪᠠᠶᠢᠲᠠᠭ ᠭᠡᠨ᠎ᠡ ᠯᠠᠢ︾ | ᠬᠡᠮᠡᠨ ᠠᠮᠠᠨ ᠤ ᠠᠶ᠎ᠠ ᠪᠠᠷ ᠦᠭᠡ ᠢᠢᠨ ᠲᠠᠭᠠᠤ ᠠᠵᠢᠭ ᠴᠤ ᠦᠭᠡᠢ ᠲᠠᠯᠪᠢᠭᠠᠳ ᠭᠠᠷᠭᠠᠬᠤ ᠳᠤ ᠭᠡ᠊ ᠮᠠᠮᠠ ᠬᠠᠷᠢᠨ | ᠵᠤᠷᠢᠭᠤᠲᠠ ᠮᠠᠯᠠᠭᠠᠢ ᠪᠠᠨ ᠠᠪᠴᠤ ᠲᠡᠯᠪᠢᠨ ᠭᠡᠰᠡᠭ ᠲᠤᠭᠤᠢ ᠰᠠᠭᠤᠭᠰᠠᠨ ᠢᠢᠡᠨ᠄ ︽ᠲᠡᠷᠡ ᠴᠢᠨᠢ ᠮᠢᠬᠠᠨ | ᠪᠡᠶ᠎ᠡ ᠪᠠᠷ ᠢᠢᠡᠨ ᠡᠮᠤᠨ᠎ᠡ ᠴᠢᠨᠢ ᠪᠠᠶᠢᠭ᠎ᠠ ᠪᠢᠰᠢᠤ︖︾ ᠬᠡᠮᠡᠨ ᠨᠠᠭᠠᠲᠤᠮ ᠦᠨᠡᠨ ᠤ ᠬᠤᠭᠤᠷᠤᠨᠲᠤ ᠱᠤᠭ ᠪᠤᠯᠭᠠᠨ | ᠶᠠᠷᠢᠯ᠎ᠠ ᠭᠡᠲᠡᠭ᠃ | ︽ᠮᠢᠨᠤ ᠪᠠᠭᠰᠢ ᠶᠡᠷᠤ ᠨᠢ ᠦᠵᠡᠬᠦ ᠳᠤ ᠲᠦᠪᠯᠡᠬᠦᠨ ᠴᠢᠩᠭ᠎ᠠ ᠬᠦᠮᠤᠨ ᠪᠤᠯᠪᠠᠴᠤ ᠬᠠᠶᠠ ᠵᠠᠷᠢᠮ ᠳᠠᠭᠠᠨ ᠦᠭᠡ ᠶᠢ | ᠮᠠᠰᠢ ᠶᠦᠮᠤᠷᠯᠢᠭ ᠰᠠᠶᠢᠬᠠᠨ ᠶᠠᠷᠢᠵᠤ ᠬᠡᠯᠡᠲᠡᠭ ᠱᠤᠭ ᠶᠡᠬᠡᠲᠠᠢ ᠬᠦᠮᠤᠨ ᠪᠢᠯᠡ᠃ ᠶᠤᠰᠤᠲᠠᠢ ︿ᠤᠯᠲᠠᠰᠢ ᠦᠭᠡᠢ | ᠦᠭᠡ ᠶᠢ ᠤᠷᠤᠨ ᠪᠠᠶᠢᠷᠢ ᠳᠤᠨᠢ﹀ ᠭᠡᠲᠡᠭ ᠢᠶᠠᠷ ᠦᠭᠡ ᠶᠢ ᠲᠡᠷᠡ ᠯᠠ ᠤᠷᠴᠢᠨ ᠳᠤᠨᠢ ᠪᠡᠨ᠎ᠡ ᠲᠠᠢ ᠰᠠᠶᠢᠬᠠᠨ | ᠶᠠᠷᠢᠲᠠᠭ ᠠᠮᠠᠷ ᠦᠭᠡᠢ ᠬᠦᠮᠤᠨ ᠰᠢᠤ︾ ᠭᠡᠵᠦ ᠰᠡᠴᠡᠨᠪᠠᠭᠠᠲᠣᠷ ᠭᠤᠸᠠᠢ ᠪᠠᠭᠰᠢ ᠶᠢᠨ ᠢᠢᠡᠨ ᠲᠣᠬᠠᠢ ᠬᠠᠭᠤᠴᠢᠯᠠᠨ᠎ᠠ | ᠃ | ᠬᠡᠨᠲᠦᠨᠫᠣᠩᠰᠤᠬ ᠡᠮᠴᠢ ᠮᠤᠩᠭᠤᠯ ᠡᠮᠨᠡᠯᠭᠡ ᠶᠢᠨ ᠤᠯᠠᠮᠵᠢᠯᠠᠯᠲᠤ ᠶᠤᠰᠤ ᠨᠣᠮ ᠦᠨ ᠲᠤᠬᠠᠢ ᠪᠡᠶ᠎ᠡ ᠲᠠᠭᠠᠭᠠᠭᠰᠠᠨ | ᠲᠤᠰᠠᠭᠠᠷ ᠮᠡᠷᠭᠡᠵᠢᠯ ᠲᠠᠢ ᠪᠠᠶᠢᠵᠦ᠂ ᠵᠠᠷᠢᠮ ᠤᠨᠴᠠᠭᠠᠢ ᠡᠪᠡᠳᠴᠢᠲᠡᠨ ᠢ ᠪᠣᠯ ᠪᠦᠷ ᠦᠪᠡᠰᠦᠪᠡᠨ ᠡᠮ ᠲᠠᠩ ᠨᠠᠶᠢᠷᠠᠵᠤ | ᠲᠤᠰᠬᠠᠢ ᠡᠮᠴᠢᠯᠡᠭᠡ ᠬᠢᠲᠡᠭ ᠪᠦᠭᠡᠳ ᠴᠡᠭᠡ ᠶᠢᠨ ᠵᠠᠰᠠᠯ ᠬᠢᠬᠦ ᠶᠢᠨ ᠲᠠᠭᠠᠤ ᠨᠢᠭᠡᠨ ᠦᠶ᠎ᠡ ᠪᠠᠰᠠ ᠹᠦ ᠶᠢᠨ ᠬᠠᠯᠠᠭᠤᠨ | ᠢᠢᠡᠷ ︽ᠤᠩᠭᠤᠨ ᠷᠠᠰᠢᠶᠠᠨ︾ ᠤ ᠵᠠᠰᠠᠯᠭ᠎ᠠ ᠶᠢ ᠴᠤ ᠲᠠᠭᠠᠯᠲᠤᠭᠤᠯᠤᠨ ᠬᠢᠲᠡᠭ ᠪᠠᠶᠢᠬᠰᠠᠨ ᠠᠵᠢ᠃ | ᠪᠠᠭᠰᠢ ᠶᠢᠨ ᠢᠢᠡᠨ ᠲᠣᠬᠠᠢ ᠲᠣᠷᠠᠳᠬᠠᠬᠤ ᠪᠠᠷ ᠰᠡᠴᠡᠨᠪᠠᠭᠠᠲᠣᠷ ᠤᠨ ᠦᠭᠡ ᠶᠠᠷᠢᠶ᠎ᠠ ᠣᠯᠠᠲᠠᠨᠠ᠃ ︽ᠪᠠᠭᠰᠢ | ᠮᠢᠨᠢ ︿ᠰᠠᠶᠢᠨ ᠡᠮᠴᠢ ᠪᠣᠯᠬᠣ᠋ ᠳᠤ ᠶᠠᠭᠤᠨ ᠤ ᠤᠷᠢᠳ ᠰᠤᠳᠠᠯ ᠪᠠᠷᠢᠵᠤ ᠰᠢᠨᠵᠢᠬᠦ᠂ ᠡᠮ ᠤᠨ ᠲᠦᠬᠦᠬᠡᠢ ᠮᠠᠲᠤᠷᠢᠶᠠᠯ ᠢ | ᠰᠠᠶᠢᠨ ᠢᠯᠭᠠᠵᠤ ᠲᠠᠨᠢᠬᠤ ᠠᠴᠠ ᠠᠪᠤᠭᠠᠳ ᠶᠠᠮᠠᠷ ᠡᠪᠡᠳᠴᠢᠲᠡᠨ ᠳᠤ ᠶᠠᠮᠠᠷ ᠡᠮ ᠨᠠᠶᠢᠷᠠᠵᠤ ᠵᠠᠷᠤᠬᠤ ᠮᠡᠲᠤᠴᠢᠯᠡᠨ ᠡᠮ | ᠨᠠᠶᠢᠷᠠᠭᠤᠯᠬᠤ ᠮᠡᠷᠭᠡᠵᠢᠯ ᠴᠢᠲᠠᠪᠤᠷᠢ ᠶᠢ ᠴᠦ ᠨᠢᠮᠪᠠᠢ ᠡᠵᠡᠮᠰᠢᠬᠦ ᠬᠡᠷᠡᠭᠲᠡᠢ﹀ ᠬᠡᠮᠡᠨ ᠪᠠᠶᠢᠩᠭᠤ ᠵᠠᠬᠢᠵᠤ ᠰᠠᠨᠠᠭᠤᠯᠤᠨ | ᠬᠡᠯᠡᠲᠡᠭ ᠮᠦᠷᠲᠡᠭᠡᠨ ᠪᠤᠮᠪᠠᠲᠠᠵᠤ ᠰᠠᠮᠨᠠᠬᠤ᠂ ᠬᠠᠨᠠᠵᠤ ᠬᠠᠳᠬᠤᠬᠤ᠂ ᠲᠦᠭᠡᠨᠡᠵᠤ ᠬᠦᠬᠦᠬᠦᠯᠬᠦ᠂ ᠰᠡᠪᠡᠰᠤᠯᠡᠵᠤ | ᠪᠢᠲᠡᠬᠦᠤ ᠠᠷᠠᠰᠤᠯᠠᠬᠤ ᠴᠤᠯᠣ ᠰᠠᠪᠠ ᠶᠢᠨ ᠵᠠᠰᠠᠯᠭ᠎ᠠ ᠵᠡᠷᠭᠡ ᠶᠢ ᠪᠦᠷ ᠬᠢᠲᠡᠭ᠃ ᠬᠦᠯᠭᠡ ᠪᠦᠷᠢᠳᠦᠭᠰᠡᠨ ᠴᠢᠨᠠᠷ | ᠴᠢᠲᠠᠯ ᠨᠢ ᠴᠢᠩᠭ᠎ᠠ ᠵᠢᠩᠬᠢᠨᠢ ᠨᠠᠶᠢᠷᠠᠯᠭ᠎ᠠ ᠲᠠᠢ ᠡᠮ ᠵᠠᠷᠤᠬᠤ ᠢᠢ ᠮᠠᠰᠢ ᠠᠩᠬᠠᠷᠴᠤ᠂ ᠬᠠᠪᠤᠷ ᠵᠤᠨ ᠨᠠᠮᠤᠷ | ᠪᠠᠶᠢᠲᠤᠭᠠᠢ ᠡᠪᠤᠯ ᠤᠨ ᠴᠠᠭ ᠲᠤ ᠴᠤ ᠭᠡᠰᠡᠨ ᠠᠭᠤᠯᠠ ᠬᠠᠲᠠ ᠭᠠᠩᠭ᠎ᠠ ᠭᠤᠤ ᠪᠠᠷ ᠬᠦᠷᠴᠤ ᠡᠮ ᠤᠨ | ᠮᠠᠲᠤᠷᠢᠶᠠᠯ ᠤᠨ ᠦᠷ᠎ᠡ ᠦᠨᠲᠤᠰᠤ ᠬᠠᠶᠢᠵᠤ᠂ ᠮᠦᠩᠬᠦᠨ ᠤᠰᠤ᠂ ᠬᠦᠬᠦᠷ ᠢ ᠨᠤᠮᠤᠬᠠᠳᠬᠠᠵᠤ ᠡᠮ ᠨᠠᠶᠢᠷᠠᠲᠠᠭ | ᠪᠦᠭᠡᠳ ᠭᠤᠷᠪᠠ ᠲᠦᠷᠪᠡᠨ ᠵᠢᠯ ᠪᠤᠯᠤᠭᠰᠠᠨ ᠬᠠᠲᠠᠭᠠᠭᠰᠠᠨ ᠦᠬᠡᠷ ᠤᠨ ᠱᠠᠷᠢᠭ ᠮᠢᠬ᠎ᠠ ᠶᠢ ᠬᠦᠷᠲᠡᠯ᠎ᠡ ᠵᠠᠷᠢᠮ | ᠡᠮ ᠤᠨ ᠨᠠᠶᠢᠷᠠᠯᠭ᠎ᠠ ᠳᠤ ᠤᠷᠤᠭᠤᠯᠵᠤ ᠡᠪᠡᠳᠴᠢᠨ ᠵᠠᠰᠠᠬᠤ ᠳᠤ ᠬᠡᠷᠡᠭᠯᠡᠲᠡᠭ ᠪᠠᠶᠢᠭᠰᠠᠨ᠃ ᠮᠠᠨ ᠤ ᠡᠮᠨᠡᠯᠭᠡ ᠶᠢᠨ | ᠬᠤᠷᠢᠶᠠᠨ ᠤ ᠠᠬᠠᠮᠠᠳ ᠡᠮᠴᠢ ᠣᠤᠨᠢ ︵ᠴᠤᠬᠤᠮ ᠨᠡᠷ᠎ᠡ ᠨᠢ ᠠᠮᠤᠷᠯᠢᠩᠭᠤᠢ ᠭᠡᠲᠡᠭ︶ ᠪᠢᠳᠡ ᠬᠤᠶᠠᠷ ᠪᠦᠷ ᠡᠪᠤᠭᠡᠨ | ᠪᠠᠭᠰᠢ ᠠᠴᠠ ᠪᠠᠨ ᠵᠢᠩᠬᠢᠨᠢ ᠬᠦᠯᠭᠡ ᠪᠦᠷᠢᠲᠦᠭᠰᠡᠨ ᠤᠨᠴᠠᠭᠠᠢ ᠡᠮ ᠨᠠᠶᠢᠷᠠᠬᠤ ᠮᠡᠳᠡᠯᠭᠡ ᠮᠡᠷᠭᠡᠵᠢᠯ ᠢ ᠠᠲᠠᠯᠢ ᠪᠤᠰᠤ | ᠬᠡᠮᠵᠢᠶ᠎ᠡ ᠪᠠᠷ ᠰᠤᠷᠣᠬᠰᠠᠨ ᠶᠤᠮ᠃ ᠮᠤᠩᠭᠤᠯ ᠡᠮᠨᠡᠯᠭᠡ ᠶᠢᠨ ᠴᠤᠯᠣ ᠰᠠᠪᠠ ᠢᠢᠨ ᠵᠠᠰᠠᠯ ᠭᠡᠵᠦ ᠲᠡᠷᠡ | ᠴᠡᠭ ᠢᠶᠠᠷ ᠢᠶᠠᠨ ᠨᠢᠭᠡ ᠵᠦᠢᠯ ᠤᠨ ᠤᠨᠴᠠᠭᠠᠢ ᠰᠢᠨᠵᠢᠯᠡᠬᠦ ᠤᠬᠠᠭᠠᠨ ᠪᠣᠯᠬᠤ ᠤᠴᠢᠷᠲᠠᠢ᠃ ᠪᠢᠲᠡᠨ ᠤ ᠬᠡᠯᠡᠲᠡᠭ ᠡᠮ | ᠲᠣᠮ ᠭᠡᠲᠡᠭ ᠦᠭᠡ ᠶᠠᠮᠠᠷ ᠴᠤ ᠦᠨᠲᠤᠰᠤ ᠪᠠᠷᠢᠮᠲᠠ ᠦᠭᠡᠢ ᠪᠢᠰᠢ ᠰᠢᠤ ᠳᠠ᠃ ᠵᠦᠪᠬᠡᠨ ︿ᠲᠤᠮᠨᠤᠬᠤ ᠲᠣᠮ | ᠰᠢᠪᠰᠢᠯᠭᠡ﹀ ᠭᠡᠬᠦ ᠦᠭᠡ ᠶᠢᠨ ᠤᠴᠢᠷ ᠤᠳᠭ᠎ᠠ ᠪᠠᠷ ᠠᠪᠴᠤ ᠬᠡᠯᠡᠭᠰᠡᠨ ᠴᠤ ᠲᠠᠶᠢᠯᠪᠤᠷᠢᠯᠠᠬᠤ ᠳᠤ ᠪᠡᠷᠬᠡ | ᠴᠠᠭᠠᠨ᠎ᠠ ᠪᠠᠨ ᠮᠠᠰᠢ ᠤᠯᠠᠨ ᠤᠬᠠᠭᠲᠠᠬᠤᠨ ᠲᠠᠢ ᠪᠠᠶᠢᠵᠦ ᠲᠠᠭᠠᠷᠠᠨ᠎ᠠ᠃ ᠴᠤᠯᠤ ᠰᠠᠪᠠ ᠶᠢᠨ ᠵᠠᠰᠠᠯ ᠢ ᠪᠢ ᠲᠡᠷᠡ | ᠦᠶ᠎ᠡ ᠳᠤ ᠵᠢᠷᠤᠬᠡᠰᠢᠶᠡᠵᠤ ᠡᠮᠢᠶᠡᠬᠦ ᠶᠢᠨ ᠲᠠᠭᠠᠤ ᠪᠡᠯᠡᠳᠭᠡᠯ ᠠᠵᠢᠯ ᠤᠨ ᠬᠢᠨᠢ ᠶᠠᠷᠰᠢᠭ ᠠᠴᠠ ᠪᠤᠯᠵᠤ᠂ ᠪᠠᠭᠰᠢ ᠶᠢᠨ | ᠢᠢᠡᠨ ᠰᠠᠨᠠᠭ᠎ᠠ ᠠᠶ᠎ᠠ ᠪᠠᠷ ᠲᠤᠬᠢᠲᠠᠢ ᠰᠠᠶᠢᠨ ᠰᠤᠷᠴᠤ ᠠᠪᠤᠭᠰᠠᠨ ᠦᠭᠡᠢ ᠳᠡᠭᠡᠨ ᠤᠲᠤ ᠶᠡᠭᠡ ᠭᠡᠮᠰᠢᠬᠦ ᠪᠤᠯᠵᠠᠢ᠃ | ᠡᠬᠦᠨ ᠠᠴᠠ ᠦᠬᠡᠷ᠎ᠡ ᠨᠠᠮ᠎ᠠ ᠳᠤ ᠪᠠᠰᠠ ᠨᠢᠭᠡ ᠶᠡᠭᠡ ᠬᠠᠷᠠᠮᠰᠠᠯ ᠪᠠᠶᠢᠲᠠᠭ ᠶᠤᠮ᠃ ᠡᠨᠡ ᠨᠢ ᠲᠡᠷᠤᠢ ᠡᠪᠤᠭᠡᠨ | ᠪᠠᠭᠰᠢ ᠶᠢᠨ ᠢᠶᠠᠨ ᠶᠠᠰᠤ ᠶᠢ ᠪᠠᠷᠢᠵᠤ ᠴᠢᠲᠠᠭᠰᠠᠨ ᠦᠭᠡᠢ ᠶᠠᠪᠤᠲᠠᠯ ᠪᠤᠯᠤᠨ᠎ᠠ᠃ ᠪᠠᠭᠰᠢ ᠮᠢᠨᠢ ᠬᠦᠭᠡᠷᠤᠬᠦᠢ ᠳᠠᠯ᠎ᠠ | ᠵᠢᠰᠤ ᠶᠢᠨ ᠨᠠᠰᠤᠨ ᠬᠤᠲᠤᠭ ᠲᠡᠭᠡᠷ᠎ᠡ ᠪᠠᠨ ᠪᠤᠷᠬᠠᠨ ᠪᠤᠯᠵᠤ ᠪᠢᠯᠡ᠃ ᠨᠠᠰᠤ ᠪᠣᠯᠬᠤ ᠠᠴᠠ ᠨᠢ ᠬᠤᠶᠠᠷ ᠭᠤᠷᠪᠠᠨ | ᠡᠲᠤᠷ ᠤᠨ ᠡᠮᠤᠨ᠎ᠡ ᠪᠢ ᠭᠡᠷ ᠤᠨ ᠬᠦᠮᠤᠨ ᠲᠠᠢ ᠪᠠᠨ ᠬᠠᠮᠲᠤ ᠰᠦᠨᠢᠳ ᠨᠤᠲᠤᠭ ᠲᠤ ᠬᠦᠷᠴᠤ᠂ ᠡᠪᠤᠭᠡᠨ | ᠪᠠᠭᠰᠢ ᠪᠠᠨ ᠪᠤᠯᠭᠤᠭᠠᠵᠤ ᠦᠵᠡᠭᠰᠡᠨ ᠢᠢᠡᠨ ᠦᠴᠤᠬᠡᠨ ᠴᠤ ᠪᠣᠯᠤᠭ ᠰᠠᠨᠠᠭ᠎ᠠ ᠪᠠᠨ ᠵᠢᠭᠠᠬᠠᠨ ᠬᠦᠢᠴᠡᠳᠭᠡᠭᠰᠡᠨ ᠰᠢᠭ | ᠪᠤᠲᠤᠲᠠᠭ᠃ ᠪᠢ ᠪᠠᠭᠰᠢ ᠶᠢᠨ ᠢᠢᠡᠨ ᠵᠢᠭᠠᠬᠰᠠᠨ ᠡᠷᠲᠡᠮ ᠢᠢᠡᠷ ᠣᠯᠠᠨ ᠡᠪᠡᠳᠴᠢᠲᠡᠨ ᠢ ᠵᠠᠰᠠᠵᠤ ᠡᠲᠡᠭᠡᠷᠡᠬᠦᠯᠵᠦ᠂ | ᠢᠯᠠᠩᠭᠤᠶ᠎ᠠ ᠡᠯᠢᠭᠡᠨ ᠡᠪᠡᠳᠴᠢᠲᠡᠨ ᠢ ᠡᠮᠴᠢᠯᠡᠵᠤ ᠵᠠᠰᠠᠬᠤ ᠲᠠᠯ᠎ᠠ ᠪᠠᠷ ᠵᠢᠭᠠᠬᠠᠨ ᠭᠠᠷᠰᠢᠵᠤ᠂ 2018 ᠤᠨ ᠳᠤ | ᠦᠪᠡᠷᠲᠡᠭᠡᠨ ᠵᠠᠰᠠᠬᠤ ᠤᠷᠤᠨ ᠤ ᠬᠤᠶᠠᠲᠣᠭᠠᠷ ᠤᠲᠠᠭᠠᠨ ᠤ ︿ᠨᠡᠷᠡᠲᠤ ᠡᠮᠴᠢ﹀ ᠪᠠᠷ ᠰᠢᠯᠭᠠᠷᠠᠭᠰᠠᠨ ᠮᠠᠨᠢ ᠪᠦᠷ ᠯᠠ | ᠪᠠᠭᠰᠢ ᠶᠢᠨ ᠮᠢᠨᠢ ᠮᠡᠳᠡᠯᠭᠡ ᠮᠡᠷᠭᠡᠵᠢᠯ ᠢᠶᠠᠨ ᠬᠠᠷᠠᠮ ᠦᠭᠡᠢ ᠤᠯᠠᠮᠵᠢᠯᠠᠨ ᠰᠤᠷᠭᠠᠵᠤ ᠬᠦᠮᠦᠵᠢᠬᠦᠯᠦᠭᠰᠡᠨ ᠤ ᠠᠴᠢ | ᠡᠨᠡᠷᠢᠯ ᠪᠣᠯᠬᠤ ᠶᠤᠮ᠃ ᠪᠠᠭᠰᠢ ᠮᠢᠨᠢ ᠶᠠᠭᠠᠷᠠᠵᠤ ᠰᠠᠨᠲᠤᠷᠬᠤ ᠶᠢ ᠶᠡᠷᠤ ᠮᠡᠲᠡᠲᠡᠭ ᠦᠭᠡᠢ᠂ ᠮᠠᠰᠢ ᠯᠠᠪᠲᠠᠭᠤᠨ | ᠲᠦᠪᠯᠡᠬᠦᠨ ᠵᠠᠩ ᠲᠠᠢ᠂ ᠶᠤᠰᠤᠲᠠᠢ ᠬᠦᠮᠤᠨ ᠮᠦᠰᠤ ᠶᠢᠨ ᠠᠭᠤᠤ ᠴᠢᠨᠠᠷ ᠢ ᠬᠦᠮᠤᠨ ᠪᠦ᠋ᠬᠦᠨ ᠳᠤ ᠲᠡᠭᠰᠢ ᠪᠦᠷᠢᠨ | ᠦᠵᠡᠬᠦᠯᠵᠤ ᠴᠢᠲᠠᠭᠰᠠᠨ ᠬᠦᠮᠤᠨ ᠤ ᠨᠢᠭᠡ ᠪᠣᠯᠬᠤ ᠶᠤᠮ ᠳᠧ᠃ ᠪᠠᠭᠰᠢ ᠮᠢᠨᠢ ᠡᠮ ᠳᠠᠩ ᠢᠶᠠᠨ ᠶᠡᠷᠤᠲᠡᠭᠡᠨ ᠲᠠᠪᠤ | ᠲᠤᠯᠤᠭᠠᠨ ᠬᠤᠨᠤᠭ ᠠᠴᠠ ᠢᠯᠡᠬᠦᠦ ᠦᠭᠲᠡᠭ ᠦᠭᠡᠢ᠂ ᠬᠤᠯᠠ ᠭᠠᠵᠠᠷ ᠠᠴᠠ ᠵᠷᠡᠭᠰᠡᠨ ᠡᠪᠡᠳᠴᠢᠲᠡᠨ ᠤ ᠶᠠᠪᠤᠵᠤ | ᠰᠠᠭᠤᠬᠤ ᠢᠢᠨ ᠲᠦᠬᠦᠮ ᠢ ᠪᠤᠲᠤᠯᠬᠢᠯᠡᠨ᠂ ᠬᠤᠶᠠᠷ ᠲᠤᠯᠤᠭᠠᠨ ᠬᠤᠨᠤᠭ ᠢᠶᠠᠷ ᠥᠭᠴᠦ ᠶᠠᠪᠤᠭᠤᠯᠲᠠᠭ ᠵᠠᠩᠰᠢᠯ ᠲᠠᠢ | ᠶᠤᠮ᠃ ᠬᠤᠵᠢᠮ ᠨᠢ ᠪᠠᠭᠰᠢ ᠮᠢᠨᠢ ᠬᠤᠰᠢᠭᠤ ᠮᠤᠩᠭᠤᠯ ᠡᠮᠨᠡᠯᠭᠡ ᠶᠢᠨ ᠬᠤᠷᠢᠶᠠᠨ ᠳᠠᠭᠠᠨ ᠣᠷᠢᠬᠲᠠᠨ ᠠᠵᠢᠯᠯᠠᠵᠤ | ᠪᠠᠶᠢᠭᠠᠳ ᠲᠡᠳᠬᠦᠪᠤᠷᠢ ᠳᠤ ᠭᠠᠷᠴᠤ ᠰᠤᠮᠤᠨ ᠳᠠᠭᠠᠨ ᠢᠷᠡᠭᠰᠡᠨ ᠶᠤᠮ︾ ᠭᠡᠵᠤ ᠪᠠᠭᠰᠢ ᠶᠢᠨ ᠢᠶᠠᠨ ᠮᠤᠩᠭᠤᠯ | ᠠᠨᠠᠭᠠᠬᠤ ᠤᠬᠠᠭᠠᠨ ᠤ ᠤᠢᠢᠯᠡᠰ ᠲᠤ ᠮᠡᠷᠭᠡᠵᠢᠯ ᠦᠨᠲᠤᠷ ᠪᠤᠶᠠᠨ ᠤ ᠮᠦᠷ ᠲᠠᠢ ᠶᠠᠪᠤᠵᠤ ᠢᠷᠡᠭᠰᠡᠨ ᠲᠣᠬᠠᠢ ᠮᠡᠲᠡᠵᠤ | ᠣᠶᠢᠯᠠᠭᠠᠬᠤ ᠶᠢᠨ ᠬᠢᠷᠢ ᠪᠠᠷ ᠶᠠᠷᠢᠵᠤ ᠬᠡᠯᠡᠬᠦ ᠲᠠᠭᠠᠤ ᠤᠯᠠᠮᠵᠢᠯᠠᠵᠤ ᠦᠭᠬᠦᠭᠰᠡᠨ ᠡᠮ ᠡᠮᠨᠡᠯᠭᠡ ᠶᠢᠨ ᠡᠷᠲᠡᠮ ᠨᠣᠮ ᠢ | ᠰᠤᠷᠴᠤ ᠶᠠᠪᠤᠬᠤ ᠳᠠᠭᠠᠨ ᠦᠪᠡᠷ ᠤᠨ ᠠᠯᠲᠠᠵᠤ ᠤᠯᠤᠭᠰᠠᠨ ᠲᠡᠷᠡ ᠪᠦᠬᠦᠨ ᠲᠠᠢ ᠪᠠᠨ ᠤᠶᠠᠯᠲᠤᠭᠤᠯᠤᠨ᠂ | ᠪᠠᠭᠰᠢ ᠶᠢᠨ ᠢᠢᠡᠨ ᠠᠴᠢ ᠡᠨᠡᠷᠢᠯ ᠳᠤ ᠬᠦᠨᠲᠤᠳᠭᠡᠯ ᠲᠡᠪᠰᠢᠬᠦᠯᠤᠨ ᠡᠷᠬᠢᠴᠡᠬᠦᠯᠤᠯ ᠲᠤᠷᠠᠳᠬᠠᠯ ᠲᠠᠢ ᠶᠠᠷᠢᠨ᠎ᠡ᠃ | ᠦᠨᠤᠲᠤᠷ ᠬᠡᠨᠲᠤᠨᠫᠤᠩᠰᠤᠭ ᠡᠮᠴᠢ ᠮᠠᠨᠢ ᠨᠠᠰᠤ ᠵᠢᠯ ᠤᠨ ᠡᠷᠬᠡ ᠪᠠᠷ ᠨᠠᠭᠠᠲᠤ ᠤᠷᠴᠢᠯᠠᠩ ᠠᠴᠠ ᠠᠶᠠᠷᠯᠠᠨ᠂ | ᠨᠠᠮᠬᠠᠨ ᠪᠤᠭᠤᠷᠤᠯ ᠠᠭᠤᠯᠠᠰ ᠤᠨ ᠢᠶᠠᠨ ᠤᠷᠤᠢ ᠲᠡᠭᠡᠬᠦᠷ ᠡᠬᠦᠯᠡ ᠬᠦᠯᠦᠭᠯᠡᠨ ᠦᠨᠲᠤᠷ ᠬᠥᠬᠡ ᠲᠡᠭᠷᠢ ᠶᠢᠨ ᠬᠦᠨ | ᠴᠡᠭᠡᠯ ᠳᠠᠬᠢ ᠭᠡᠷᠡᠯᠲᠦ ᠤᠲᠤᠨ ᠪᠣᠯᠵᠦ ᠬᠠᠯᠢᠵᠤ ᠤᠲᠤᠭᠰᠠᠨ ᠴᠤ ᠬᠢᠵᠦ ᠪᠦᠲᠤᠭᠡᠭᠰᠡᠨ ᠦᠢᠯᠡᠰ ᠬᠡᠮᠵᠢᠶᠡᠯᠡᠰᠢ | ᠦᠭᠡᠢ ᠪᠤᠶᠠᠨ ᠢᠢᠡᠷ ᠢᠢᠡᠨ ᠲᠦᠮᠡᠨ ᠤᠯᠠᠨ ᠤ ᠪᠠᠨ ᠵᠢᠷᠤᠬᠡ ᠰᠡᠳᠭᠢᠯ ᠳᠤ ᠵᠤᠯᠠ ᠶᠢᠨ ᠭᠡᠷᠡᠯ ᠰᠢᠭ ᠮᠦᠩᠬᠡᠲᠡ | ᠪᠠᠳᠮᠠᠯᠠᠨ᠎ᠠ᠃ |