ᠱᠠᠭ᠎ᠠ ᠲᠤᠬᠯᠠᠭᠠᠮ ᠤᠨ ᠶᠤᠰᠤ ᠲᠥᠷᠢᠮ
ᠨᠡᠶᠢᠲᠡᠯᠡᠭᠰᠡᠨ ᠴᠠᠭ᠄
2024/1/9
  ᠮᠤᠩᠭᠤᠯᠴᠤᠤᠨ ᠤᠨ ᠱᠠᠭ᠎ᠠ ᠲᠤᠬᠯᠠᠭᠠᠮ ᠨᠢ ᠡᠭᠦᠰᠴᠤ ᠭᠥᠭᠵᠢᠭᠦ ᠶᠠᠪᠤᠴᠨ ᠳᠠᠭᠠᠨ ᠪᠤᠰᠤᠤᠨ ᠰᠤᠶᠤᠯ ᠲᠠᠮᠢᠷ ᠤᠨ ᠠᠵᠢᠯᠯᠠᠭ᠎ᠠ ᠲᠠᠢ ᠠᠳᠠᠯᠢ ᠮᠥᠨ ᠮᠠᠰᠢ ᠨᠠᠷᠢᠨ ᠲᠥᠷᠢᠮ ᠶᠤᠰᠤ ᠪᠤᠢ ᠪᠤᠯᠵᠦ ᠥᠶ᠎ᠠ ᠤᠯᠠᠮᠵᠢᠯᠠᠨ ᠢᠷᠡᠭᠰᠠᠨ ᠪᠢᠯᠠ᠃ ᠱᠠᠭ᠎ᠠ ᠨᠠᠭᠠᠳᠤᠮ ᠨᠢ ᠶᠠᠷᠤᠩᠬᠡᠢ ᠲᠤᠬᠳᠠᠬᠰᠠᠨ ᠵᠢᠷᠤᠮ ᠲᠥᠷᠢᠮ ᠪᠠᠶᠢᠬᠤ ᠠᠴᠠ ᠭᠠᠳᠠᠨ᠎ᠠ᠂ ᠪᠠᠰᠠ ᠲᠥᠷᠤᠯ ᠵᠥᠢᠯ ᠤᠨ ᠲᠤᠬᠯᠠᠭᠠᠮ ᠪᠤᠯᠭᠠᠨ ᠳᠤ ᠲᠤᠰ ᠲᠤᠰ ᠤᠨ ᠬᠢᠨᠢ ᠵᠢᠷᠤᠮ ᠲᠥᠷᠢᠮ ᠪᠠᠶᠢᠳᠠᠭ ᠶᠤᠮ᠃ ᠨᠠᠭᠠᠳᠤᠮ ᠳᠤ ᠤᠷᠤᠯᠴᠠᠬᠰᠠᠨ ᠭᠥᠮᠤᠨ ᠪᠤᠯᠭᠠᠨ ᠬᠡᠪᠰᠢᠭᠰᠡᠨ ᠡᠨᠡ ᠭᠦ ᠲᠥᠷᠢᠮ ᠶᠤᠰᠤ ᠶᠢ ᠴᠢᠩᠭ᠎ᠠ ᠵᠢᠷᠤᠮᠯᠠᠨ ᠰᠠᠬᠢᠬᠤ ᠶᠤᠰᠤᠳᠠᠢ᠃ ᠥᠬᠡᠢ ᠪᠤᠯ ᠨᠠᠭᠠᠳᠤᠮ ᠳᠤ ᠤᠷᠤᠯᠴᠠᠬᠤ ᠡᠷᠬᠡ ᠶᠢ ᠨᠢ ᠬᠠᠰᠤᠳᠠᠭ ᠪᠠᠶᠢᠨ᠎ᠠ᠃ 1. ᠱᠠᠭ᠎ᠠ ᠨᠠᠭᠠᠳᠤᠮ ᠢ ᠡᠬᠢᠯᠡᠵᠦ ᠲᠤᠬᠯᠠᠬᠤ ᠳᠠᠭᠠᠨ᠂ ᠨᠠᠰᠤᠨ ᠤ ᠡᠷᠠᠮᠪᠠ ᠪᠠᠷ ᠬᠠᠮᠤᠭ ᠤᠨ ᠥᠡᠳᠤᠷ ᠨᠠᠰᠤᠳᠠᠢ ᠠᠬᠠᠮᠠᠤᠨ ᠠᠴᠠ ᠡᠬᠢᠯᠡᠭᠦ ᠪᠤᠶᠤ ᠭᠠᠭᠴᠨ ᠱᠠᠭ᠎ᠠ ᠬᠠᠶᠠᠵᠦ ᠬᠡᠨ ᠨᠢ ᠮᠤᠷᠢ ᠪᠤᠰᠬᠠᠪᠡᠯ ᠲᠠᠷᠨ ᠨᠢ ᠤᠷᠢᠳᠠᠪᠡᠷ ᠡᠬᠢᠯᠡᠵᠦ ᠨᠠᠭᠠᠳᠤᠨ᠎ᠠ᠃ 2. ᠨᠠᠷᠨ ᠵᠥᠪ ᠡᠷᠬᠢᠭᠦ ᠵᠢᠷᠤᠮ ᠢᠶᠠᠷ ᠡᠬᠢᠯᠡᠵᠦ ᠨᠠᠭᠠᠤᠡᠬᠤ ᠡᠷᠬᠡ ᠤᠯᠤᠬᠰᠠᠨ ᠭᠥᠮᠤᠨ ᠱᠠᠭ᠎ᠠ ᠪᠠᠨ ᠬᠠᠶᠠᠵᠦ ᠨᠠᠭᠠᠳᠤᠮ ᠡᠭᠦᠰᠬᠡᠨ᠎ᠠ᠃ ᠬᠡᠭᠦ ᠳᠤ ᠵᠠᠷᠢᠮ ᠭᠠᠵᠠᠷ ᠨᠡᠷᠨ ᠵᠥᠪ ᠡᠷᠬᠢᠵᠦ᠂ ᠨᠠᠭᠠᠳᠤᠮ ᠪᠤᠷᠤᠭᠤ ᠡᠷᠬᠢᠨ᠎ᠠ ᠬᠡᠮᠡᠨ ᠬᠡᠯᠡᠳᠡᠭ ᠴᠦ ᠪᠤᠢ᠃ ᠨᠠᠭᠠᠳᠤᠮ ᠡᠭᠦᠰᠬᠡᠵᠦ ᠡᠬᠢᠯᠡᠭᠰᠠᠨ ᠭᠥᠮᠤᠨ ᠠᠴᠠ ᠲᠠᠷᠠᠭᠠᠯᠠᠨ ᠡᠮᠬᠢ ᠵᠢᠷᠤᠮ ᠲᠠᠢ᠂ ᠲᠠᠰ ᠲᠠᠷᠠᠭᠠᠯᠠᠨ ᠨᠠᠭᠠᠤᠡᠬᠤ ᠪᠤᠯᠤᠨ᠎ᠠ᠃ 3. ᠱᠠᠭ᠎ᠠ ᠨᠠᠭᠠᠤᠡᠬᠤ ᠳᠠᠭᠠᠨ ᠪᠤᠯᠪᠠᠰᠤᠨ ᠶᠤᠰᠤᠷᠬᠠᠭ ᠢ ᠡᠷᠬᠢᠮᠯᠠᠵᠦ᠂ ᠶᠤᠰᠤ ᠪᠤᠰᠤ ᠪᠠᠷ ᠠᠭᠠᠰᠢᠯᠠᠵᠦ ᠤᠬᠳᠤ ᠪᠤᠯᠬᠤ ᠥᠬᠡᠢ᠃ ᠬᠡᠨ ᠶᠤᠰᠤ ᠪᠤᠰᠤ ᠪᠠᠷ ᠠᠭᠠᠰᠢᠯᠠᠪᠡᠯ ᠨᠠᠭᠠᠤᠡᠬᠤ ᠡᠷᠬᠡ ᠶᠢ ᠨᠢ ᠬᠠᠰᠤᠨ᠎ᠠ᠃ 4. ᠨᠠᠭᠠᠳᠤᠮ ᠳᠤ ᠤᠷᠤᠯᠴᠠᠬᠰᠠᠤᠨ ︵ᠰᠤᠯᠤᠭᠠᠢ ᠭᠠᠷ ᠲᠠᠢ ᠭᠥᠮᠤᠨ ᠢ ᠭᠠᠷᠭᠠᠪᠡᠯ︶ ᠱᠠᠭ᠎ᠠ ᠪᠠᠨ ᠰᠤᠯᠤᠭᠠᠢ ᠭᠠᠷ ᠢᠶᠠᠷ ᠬᠠᠶᠠᠵᠦ ᠪᠤᠯᠬᠤ ᠥᠬᠡᠢ᠃ 5. ᠱᠠᠭ᠎ᠠ ᠨᠠᠭᠠᠳᠤᠮ ᠤᠨ ᠰᠢᠪᠰᠢᠭᠦ ᠰᠢᠯᠤᠭ᠌ ᠢᠶᠠᠨ ᠪᠤᠷᠤᠭᠤ ᠤᠡᠭᠰᠢᠵᠦ ᠪᠤᠯᠬᠤ ᠥᠬᠡᠢ᠂ ᠬᠡᠷᠪᠡ ᠪᠤᠷᠤᠭᠤ ᠤᠡᠭᠰᠢᠪᠡᠯ ᠡᠬᠡᠯᠵᠢ ᠶᠢᠨ ᠡᠷᠬᠡ ᠶᠢ ᠬᠠᠰᠤᠨ᠎ᠠ᠃ 6. ᠨᠠᠭᠠᠳᠤᠮ ᠳᠤ ᠤᠷᠤᠯᠴᠠᠬᠰᠠᠤᠨ᠂ ᠱᠠᠭ᠎ᠠ ᠤᠪᠤᠭᠠᠷᠠᠯᠳᠤᠭᠤᠯᠤᠨ᠂ ᠭᠥᠡᠳᠡᠭᠡ ᠲᠠᠢ ᠬᠠᠶᠠᠵᠦ ᠪᠤᠯᠬᠤ ᠥᠬᠡᠢ᠃ ᠬᠡᠪᠡᠴᠤ ᠬᠡᠳᠤ ᠠᠴᠠ ᠲᠡᠬᠡᠭᠰᠢ ᠭᠥᠡᠳᠡᠭᠡ ᠪᠠᠷᠢᠬᠤ ᠶᠢ ᠤᠷᠢᠳᠠᠪᠡᠷ ᠶᠠᠷᠢᠯᠴᠠᠨ ᠲᠤᠬᠳᠠᠭᠠᠨ᠎ᠠ᠃ ᠶᠠᠷᠢᠯᠴᠠᠨ ᠲᠤᠬᠳᠠᠬᠰᠠᠨ ᠭᠥᠡᠳᠡᠭᠡ ᠠᠴᠠ ᠬᠡᠳᠤᠷᠠᠪᠡᠯ᠂ ᠡᠬᠡᠯᠵᠢ ᠶᠢᠨ ᠡᠷᠬᠡ ᠶᠢ ᠨᠢ ᠬᠠᠰᠤᠵᠦ ᠪᠤᠯᠤᠨ᠎ᠠ᠃ 7. ᠨᠠᠭᠠᠳᠤᠮ ᠳᠤ ᠤᠷᠤᠯᠴᠠᠬᠰᠠᠤᠨ᠂ ᠱᠠᠭ᠎ᠠ ᠪᠠᠨ ᠬᠠᠷᠪᠤᠬᠤ ᠥᠶ᠎ᠠ ᠪᠤᠶᠤ ᠬᠠᠷᠪᠤᠬᠰᠠᠨ ᠱᠠᠭ᠎ᠠ ᠪᠠᠨ ᠠᠪᠬᠤ ᠥᠶ᠎ᠠ ᠳᠤ ᠵᠠᠩᠭᠠᠵᠦ ᠪᠤᠯᠬᠤ ᠥᠬᠡᠢ᠂ ᠰᠠᠶᠢᠳᠤᠷ ᠪᠤᠳᠤᠯᠬᠢᠯᠠᠵᠦ ᠠᠯᠢ ᠠᠰᠢᠬᠳᠠᠢ ᠬᠡᠵᠦ ᠥᠵᠡᠭᠰᠠᠨ ᠱᠠᠭ᠎ᠠ ᠪᠠᠨ ᠠᠪᠤᠨ᠎ᠠ᠃ ᠬᠡᠭᠦ ᠳᠤ ᠱᠠᠭ᠎ᠠ ᠠᠪᠬᠤ ᠳᠠᠭᠠᠨ ᠪᠤᠰᠤᠤᠨ ᠱᠠᠭ᠎ᠠ ᠶᠢ ᠭᠥᠳᠠᠯᠬᠡᠵᠦ ᠭᠥᠡᠳᠠᠵᠦ ᠪᠤᠯᠬᠤ ᠥᠬᠡᠢ᠃ 8. ᠱᠠᠭ᠎ᠠ ᠬᠠᠶᠠᠬᠰᠠᠨ ᠭᠠᠷ ᠢᠶᠠᠷ ᠢᠶᠠᠨ ᠮᠤᠷᠢ ᠲᠤᠰᠤᠬᠰᠠᠨ ᠱᠠᠭ᠎ᠠ ᠪᠤᠶᠤ ᠬᠠᠷᠪᠤᠬᠰᠠᠨ ᠱᠠᠭ᠎ᠠ ᠠᠴᠠ ᠠᠪᠴᠤ ᠪᠤᠯᠬᠤ ᠥᠬᠡᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号