1. ᠵᠢᠷᠠᠨ ᠤᠷᠭᠢᠵᠤ ᠲᠤᠭᠯᠠᠬᠤ᠄ ᠵᠢᠷᠠᠨ ᠱᠠᠭ᠎ᠠ ᠶᠢ ᠲᠤᠰᠬᠠᠢ ᠪᠡᠯᠡᠳᠭᠡᠭᠰᠡᠨ ᠠᠮᠠ ᠲᠥᠷᠪᠡᠯᠵᠢᠨ ᠵᠢᠵᠢᠭ | ᠠᠷᠠᠰᠤᠨ ᠲᠠᠭᠡᠷ᠎ᠠ ᠤᠷᠭᠢᠵᠥ᠂ ᠢᠵᠢᠯ ᠲᠥᠷᠰᠤ ᠪᠠᠷ ᠨᠢ ᠨᠢᠰᠠᠯᠤᠨ ᠤᠨᠤᠭᠠᠵᠤ ᠨᠠᠭᠠᠳᠳᠠᠭ᠃ ᠢᠡᠭᠭᠢᠵᠥ ᠱᠠᠭ᠎ᠠ | ᠨᠢᠰᠠᠯᠬᠤ ᠳᠤ ᠪᠠᠨ ᠲᠤᠭᠳᠠᠭᠰᠠᠨ ᠲᠥᠷᠢᠮ ᠶᠤᠰᠤ ᠶᠢ ᠲᠠᠭᠠᠬᠤ ᠠᠴᠠ ᠭᠠᠳᠠᠨ᠎ᠠ᠂ ᠤᠷᠭᠢᠭᠰᠠᠨ ᠱᠠᠭ᠎ᠠ ᠨᠢ | ᠲᠠᠪᠢᠰᠥᠭᠰᠡᠨ ᠭᠥᠯᠭᠡ ᠠᠴᠠ ᠭᠠᠳᠠᠭᠤᠷ ᠲᠤᠰᠪᠠᠯ ᠮᠥᠨ ᠲᠥᠷᠢᠮ ᠵᠥᠷᠢᠴᠡᠭᠰᠡᠨ ᠢᠶᠠᠷ ᠪᠤᠳᠤᠵᠤ᠂ ᠲᠠᠷᠠᠭᠠᠭᠢ ᠶᠢᠨ | ᠡᠭᠡᠯᠵᠢ ᠳᠤ ᠪᠠᠨ ᠰᠢᠯᠵᠢᠭᠦᠯᠳᠡᠭ᠃ | 2. ᠱᠠᠭ᠎ᠠ ᠨᠢᠰᠠᠯᠵᠤ ᠲᠤᠭᠯᠠᠬᠤ᠄ ᠱᠠᠭ᠎ᠠ ᠪᠠᠨ ᠨᠠᠶᠢᠷᠠᠵᠤ ᠤᠷᠭᠢᠭᠠᠳ ᠮᠤᠷᠢ ᠶᠢ ᠮᠤᠷᠢ ᠲᠠᠢ᠂ ᠬᠤᠨᠢ ᠶᠢ | ᠬᠤᠨᠢ ᠲᠠᠢ ᠭᠡᠭᠦ ᠮᠠᠳᠤ ᠠᠳᠠᠯᠢ ᠲᠥᠷᠰᠥ ᠲᠠᠢ ᠱᠠᠭ᠎ᠠ ᠶᠢ ᠬᠤᠭᠤᠷᠤᠨᠳᠤ ᠨᠢ ᠨᠢᠰᠠᠯᠤᠨ ᠤᠨᠠᠭᠠᠵᠤ᠂ ᠠᠯᠢ | ᠠᠰᠢᠭᠳᠠᠢ ᠪᠠᠨ ᠥᠯᠡᠳᠡᠭᠡᠨ᠂ ᠨᠢᠭᠡ ᠶᠢ ᠨᠢ ᠠᠪᠳᠠᠭ᠃ ᠨᠢᠰᠠᠯᠤᠭᠠᠳ ᠤᠨᠤᠭᠠᠵᠤ ᠴᠢᠳᠠᠪᠠᠯ ᠥᠷᠭᠦᠯᠵᠢᠯᠠᠨ | ᠨᠢᠰᠠᠯᠤᠨ᠎ᠠ᠃ ᠭᠡᠷᠪᠡ ᠤᠨᠤᠭᠠᠭᠰᠠᠨ ᠥᠭᠡᠢ ᠪᠤᠯ ᠪᠤᠰᠤᠳ ᠨᠢ ᠨᠢᠰᠠᠯᠳᠠᠭ᠃ ᠢᠡᠭᠭᠢᠭᠡᠳ ᠤᠨᠤᠭᠠᠭᠰᠠᠨ ᠲᠤᠭᠠᠨ ᠤ | ᠤᠯᠠᠨ ᠴᠥᠭᠡᠨ ᠢᠶᠠᠷ ᠱᠥᠭᠦᠯᠳᠠ ᠪᠠᠨ ᠢᠯᠭᠠᠷᠠᠭᠤᠯᠳᠠᠭ᠃ ᠱᠠᠭ᠎ᠠ ᠨᠢᠰᠠᠯᠬᠤ ᠳᠤ ᠤᠯᠠᠨ ᠲᠥᠷᠢᠮ ᠶᠤᠰᠤ ᠲᠠᠢ᠃ | ᠲᠤᠬᠠᠶᠢᠢᠯᠠᠪᠠᠯ᠂ ᠨᠠᠶᠢᠷᠠᠵᠤ ᠤᠷᠭᠢᠭᠰᠠᠨ ᠱᠠᠭ᠎ᠠ ᠲᠠᠪᠬᠤᠴᠠᠨ ᠲᠤᠰᠤᠭᠰᠠᠨ ᠪᠠᠶᠢᠪᠠᠯ ᠲᠡᠭᠦᠨ ᠢ ᠱᠠᠭ᠎ᠠ ᠪᠠᠷ ᠴᠤᠭᠢᠵᠤ | ᠰᠠᠯᠭᠠᠬᠤ᠂ ᠨᠢᠰᠠᠯᠬᠤ ᠳᠤ ᠪᠠᠨ ᠥᠭᠡᠷ᠎ᠠ ᠱᠠᠭ᠎ᠠ ᠶᠢ ᠭᠥᠨᠳᠠᠵᠤ ᠭᠥᠳᠠᠯᠭᠡᠵᠥ ᠪᠤᠯᠬᠤ ᠥᠭᠡᠢ᠂ ᠨᠢᠰᠠᠯᠤᠭᠰᠠᠨ | ᠭᠠᠷ ᠢᠶᠠᠷ ᠢᠶᠠᠨ ᠱᠠᠭ᠎ᠠ ᠪᠠᠨ ᠲᠡᠭᠦᠵᠥ ᠠᠪᠴᠤ ᠪᠤᠯᠬᠤ ᠥᠭᠡᠢ ᠭᠡᠭᠦ ᠮᠠᠳᠤ᠃ | 3. ᠱᠠᠭ᠎ᠠ ᠰᠢᠭᠦᠷᠭᠦ᠄ ᠱᠠᠭ᠎ᠠ ᠰᠢᠭᠦᠷᠭᠦ ︵ᠪᠤᠶᠤ ᠠᠳᠬᠤᠬᠤ︶ ᠲᠤᠭᠯᠠᠭᠠᠮ ᠨᠢ ᠤᠷᠭᠢᠵᠥ ᠨᠠᠶᠢᠷᠠᠭᠰᠠᠨ | ᠱᠠᠭ᠎ᠠ ᠶᠢ ᠢᠵᠢᠯ ᠲᠥᠷᠰᠥ ᠪᠠᠷ ᠨᠢ ᠠᠳᠬᠤᠬᠤ ᠪᠤᠶᠤ ᠲᠤᠭᠳᠠᠭᠰᠠᠨ ᠲᠤᠭ᠎ᠠ ᠲᠠᠢ ᠠᠳᠬᠤᠵᠤ᠂ ᠠᠨᠳᠠᠭᠠᠶᠢᠢᠯᠠᠬᠤ᠂ | ᠮᠢᠩᠭ᠎ᠠ ᠳᠤ ᠤᠷᠤᠯᠳᠤᠬᠤ᠂ ᠬᠤᠶᠠᠷ ᠴᠢᠭᠢ ᠰᠢᠭᠦᠷᠭᠦ᠂ ᠭᠤᠷᠪᠠᠯᠵᠢᠨ ᠨᠢᠳᠤ ᠪᠠ ᠵᠢᠷᠭᠤᠭᠠᠨ ᠲᠠᠯ᠎ᠠ ᠲᠤᠪᠰᠢᠬᠤ | ᠵᠠᠷᠭᠡ ᠤᠯᠠᠨ ᠵᠥᠢᠯ ᠢᠶᠠᠷ ᠨᠠᠭᠠᠳᠳᠠᠭ᠃ ᠢᠡᠭᠭᠢᠭᠦ ᠳᠤ ᠪᠠᠨ ᠤᠷᠭᠢᠵᠤ ᠨᠠᠶᠢᠷᠠᠭᠰᠠᠨ ᠱᠠᠭ᠎ᠠ ᠠᠴᠠ ᠢᠯᠭᠠᠭᠳᠠᠬᠤ | ᠤᠨᠴᠠ ᠲᠠᠮᠳᠡᠭ ᠲᠠᠢ ᠱᠠᠭ᠎ᠠ ᠶᠢ ᠲᠠᠭᠡᠭᠰᠢ ᠬᠠᠶᠠᠵᠤ᠂ ᠨᠠᠶᠢᠷᠠᠭᠰᠠᠨ ᠱᠠᠭ᠎ᠠ ᠪᠠᠨ ᠰᠢᠭᠦᠷᠤᠨ ᠠᠪᠴᠤ᠂ ᠲᠡᠭᠡᠭᠰᠢ | ᠬᠠᠶᠠᠭᠰᠠᠨ ᠱᠠᠭ᠎ᠠ ᠶᠢ ᠪᠠᠭᠤᠵᠤ ᠢᠷᠡᠭᠦ ᠳᠤ ᠨᠢ ᠭᠠᠵᠠᠷ ᠲᠤᠰᠬᠠᠬᠤ ᠥᠭᠡᠢ ᠬᠠᠮᠳᠤ ᠳᠤ ᠨᠢ ᠠᠳᠬᠤᠨ ᠠᠪᠳᠠᠭ᠃ | ᠵᠠᠷᠢᠮ ᠭᠠᠵᠠᠷ ᠱᠠᠭ᠎ᠠ ᠰᠢᠭᠦᠷᠭᠦ ᠳᠤ ᠪᠠᠨ ᠵᠢᠵᠢᠭ ᠲᠠᠮᠤᠷ ᠴᠠᠭᠠᠷᠢᠭ ᠢ ᠭᠡᠯᠭᠢᠭᠡᠳ ︽ᠰᠤᠮᠤ︾ ᠪᠤᠶᠤ ︽ᠰᠠᠮᠪᠡᠭ︾ | ᠭᠡᠵᠥ ᠨᠠᠷᠠᠯᠡᠭᠡᠳ ᠲᠡᠭᠦᠨ ᠢᠶᠠᠨ ᠲᠡᠭᠡᠭᠰᠢ ᠬᠠᠶᠠᠳᠠᠭ᠃ ᠥᠢᠷ᠎ᠠ ᠥᠶ᠎ᠠ ᠳᠤ ᠪᠥᠮᠪᠦᠭᠡ ᠪᠤᠶᠤ ᠵᠢᠵᠢᠭ ᠤᠭᠤᠳᠠ | ᠤᠶᠤᠭᠠᠳ ᠲᠡᠭᠦᠨ ᠢᠶᠠᠨ ᠲᠡᠭᠡᠭᠰᠢ ᠬᠠᠶᠠᠵᠤ᠂ ᠱᠠᠭ᠎ᠠ ᠰᠢᠭᠦᠷᠤᠨ ᠨᠠᠭᠠᠳᠬᠤ ᠪᠤᠯᠵᠠᠢ᠃ |